ᠮᠤᠩᠭᠤᠯ ᠬᠦᠮᠦᠨ ᠤ ᠰᠤᠶᠤᠯ ᠪᠤᠯ ᠪᠠᠶᠢᠭᠠᠯᠢ ᠶᠢᠨ ᠰᠤᠶᠤᠯ᠂ ᠬᠠᠶᠢᠷ᠎ᠠ ᠶᠢᠨ ᠰᠤᠶᠤᠯ ᠶᠤᠮ ᠭᠡᠵᠤ ᠭᠡᠯᠡᠵᠤ | ᠪᠤᠯᠬᠤ ᠶᠤᠰᠤ ᠴᠦ ᠡᠨᠡ᠃ ᠲᠡᠭᠡᠬᠦ ᠳᠤ ᠮᠤᠩᠭᠤᠯ ᠬᠦᠮᠦᠨ ᠪᠠᠶᠢᠭᠠᠯᠢ ᠪᠠᠨ ᠭᠡᠷᠬᠢᠨ ᠤᠶᠢᠯᠠᠭᠠᠵᠤ᠂ ᠪᠠᠶᠢᠭᠠᠯᠢ ᠨᠢ | ᠮᠤᠩᠭᠤᠯ ᠬᠦᠮᠦᠨ ᠳᠤ ᠶᠠᠭᠠᠬᠢᠵᠤ ᠲᠤᠬᠢᠶ᠎ᠠ ᠪᠠᠨ ᠦᠭᠳᠡᠭ ᠪᠠᠶᠢᠨ᠎ᠠ︖ ᠤᠷᠴᠢᠯᠠᠩ ᠲᠡᠯᠡᠭᠡᠢ ᠶᠢᠨ ᠲᠦᠮᠡᠨ ᠪᠤᠳᠠᠰ᠂ | ᠬᠤᠷᠤᠬᠠᠢ ᠰᠢᠪᠡᠵᠢ ᠠᠴᠠ ᠡᠬᠢᠯᠡᠭᠡᠳ ᠠᠷᠢᠶᠠᠳᠠᠨ ᠵᠢᠬᠦᠷᠳᠡᠨ ᠮᠤᠩᠭᠤᠯ ᠬᠦᠮᠦᠨ ᠳᠤ ᠶᠠᠭᠠᠬᠢᠵᠤ ᠰᠤᠷᠠᠭ ᠴᠢᠮᠡᠭᠡ | ᠬᠦᠷᠭᠡᠳᠡᠭ ᠪᠠᠶᠢᠨ᠎ᠠ︖ | 61 ᠪᠠᠷᠠᠭᠤᠨ ᠬᠤᠶᠢᠨ᠎ᠠ ᠴᠠᠭᠠᠨ ᠰᠤᠯᠤᠩᠭ᠎ᠠ ᠲᠠᠳᠠᠪᠠᠯ ᠭᠤᠷᠪᠠᠨ ᠬᠤᠨᠤᠭ ᠲᠤᠳᠤᠷ᠎ᠠ ᠪᠤᠷᠤᠭ᠎ᠠ ᠤᠷᠤᠬᠤ | ᠦᠭᠡᠢ ᠪᠤᠯ ᠭᠤᠷᠪᠠᠨ ᠰᠠᠷ᠎ᠠ ᠭᠠᠩᠳᠠᠨ᠋᠃ ᠲᠠᠪᠬᠤᠷ ᠰᠤᠯᠤᠩᠭ᠎ᠠ ᠲᠠᠳᠠᠪᠠᠯ ᠭᠤᠷᠪᠠ ᠬᠤᠨᠤᠭ ᠤᠨ ᠲᠤᠳᠤᠷ᠎ᠠ | ᠪᠤᠷᠤᠭᠠᠯᠠᠬᠤ ᠦᠭᠡᠢ ᠪᠤᠯ ᠭᠠᠩᠳᠠᠨ᠎ᠠ᠃ | 62 ᠬᠠᠯᠠᠭᠤᠨ ᠲᠤᠳᠤᠷ᠎ᠠ ᠮᠦᠨᠳᠤᠷ ᠤᠨᠠᠪᠠᠯ ᠭᠠᠵᠠᠷ ᠤᠨ ᠬᠠᠯᠠᠭᠤᠨ ᠢ ᠲᠡᠳᠡᠵᠤ᠂ ᠲᠠᠷᠠᠭ᠎ᠠ ᠵᠢᠯ ᠳᠤᠨᠢ | ᠰᠠᠶᠢᠨ ᠭᠡᠳᠡᠭ᠃ | 63 ᠬᠦᠬᠦᠭᠡ ᠰᠢᠪᠠᠭᠤ ᠳᠣᠩᠭᠤᠳᠪᠠᠯ ᠪᠤᠷᠤᠭ᠎ᠠ ᠤᠷᠤᠨ᠎ᠠ᠃ | 64 ᠦᠮᠦᠭᠡᠢ ᠬᠤᠷᠤᠬᠠᠢ ᠶᠢ ᠬᠦᠳᠡᠯᠭᠡᠬᠦ ᠳᠤ ᠰᠢᠭᠡᠰᠤ ᠪᠠᠨ ᠭᠤᠭᠤᠵᠢᠭᠤᠯᠪᠠᠯ ᠪᠤᠷᠤᠭᠠᠯᠠᠨ᠎ᠠ᠃ | 65 ᠶᠢᠰᠦ ᠲᠤᠭᠠᠯᠠᠭᠰᠠᠨ ᠰᠦᠨᠢ ᠭᠤᠷᠪᠠᠨ ᠭᠤᠷᠪᠠ ᠶᠢᠨ ᠶᠢᠰᠦᠨ ᠤᠰᠤᠨ ᠲᠠᠬᠢᠯ ᠤᠰᠤ ︵ᠨᠢᠭᠡ ᠭᠤᠷᠪᠠ | ᠨᠢ ᠲᠠᠷᠢᠶ᠎ᠠ ᠪᠤᠳᠠᠭ᠎ᠠ ᠶᠢᠨ ᠰᠢᠨᠵᠢ᠂ ᠨᠦᠬᠦᠭᠡ ᠭᠤᠷᠪᠠ ᠨᠢ ᠰᠦ ᠰᠠᠭᠠᠯᠢ ᠶᠢᠨ ᠰᠢᠨᠵᠢ᠂ ᠪᠠᠰᠠ ᠨᠢᠭᠡ ᠭᠤᠷᠪᠠ ᠨᠢ | ᠪᠤᠯ ᠵᠢᠯ ᠤᠨ ᠰᠢᠨᠵᠢ ᠪᠤᠯᠤᠨ᠎ᠠ︶ ᠬᠢᠵᠤ ᠭᠠᠳᠠᠨ᠎ᠠ ᠴᠤᠩᠬᠤᠨ ᠲᠠᠶᠢᠵᠠ ᠪᠤᠶᠤ ᠭᠡᠶᠢᠮᠤᠷᠢ ᠶᠢᠨ ᠰᠠᠩ ᠮᠡᠳᠦ ᠶᠢᠨ | ᠰᠠᠯᠬᠢᠨ ᠠᠴᠠ ᠲᠠᠯᠳᠠᠯᠠᠭᠳᠠᠴᠢᠬᠠᠮᠠᠷ ᠨᠦᠮᠦᠷᠭᠡ ᠲᠠᠢ ᠲᠡᠭᠰᠢ ᠭᠠᠵᠠᠷ ᠲᠠᠯᠪᠢᠵᠤ ᠬᠦᠯᠳᠡᠭᠡᠨᠠ᠃ ᠲᠠᠷᠠᠭ᠎ᠠ ᠡᠳᠦᠷ ᠨᠢ | ᠰᠢᠨᠵᠢᠬᠦ ᠳᠤ ᠬᠦᠳᠦᠶᠢᠵᠤ ᠲᠤᠪᠤᠶᠢᠭᠠᠳ ᠢᠯᠡᠩᠭᠤᠶ᠎ᠠ ᠢᠵᠠᠷᠠᠳᠠᠯᠠ ᠬᠦᠯᠳᠡᠭᠰᠡᠨ ᠪᠠᠶᠢᠪᠠᠯ ᠴᠠᠳᠬᠤᠯᠠᠩ ᠰᠠᠶᠢᠨ ᠵᠢᠯ᠂ | ᠲᠡᠭᠰᠢ ᠪᠠᠶᠢᠪᠠᠯ ᠡᠩ ᠤᠨ ᠵᠢᠯ᠂ ᠬᠤᠳᠤᠶᠢᠭᠰᠠᠨ ᠪᠠᠶᠢᠪᠠᠯ ᠶᠠᠳᠠᠭᠤ ᠵᠢᠯ ᠪᠤᠯᠤᠨ᠎ᠠ ᠭᠡᠵᠤ ᠰᠢᠨᠵᠢᠯᠠᠳᠡᠭ᠃ | 66 ᠭᠠᠩᠳᠠᠬᠤ ᠲᠡᠭᠷᠢ ᠶᠢᠨ ᠬᠠᠶᠠᠭ᠎ᠠ ᠨᠢ ᠤᠯᠠᠭᠠᠨ᠂ ᠭᠠᠯᠵᠠᠭᠤ ᠨᠤᠬᠠᠢ ᠶᠢᠨ ᠵᠠᠪᠠᠵᠢ ︵ᠨᠢᠳᠤ ᠭᠡᠵᠤ ᠴᠦ | ᠭᠡᠯᠡᠨ᠎ᠠ︶ ᠨᠢ ᠤᠯᠠᠭᠠᠨ᠂ ᠭᠠᠩᠭᠠᠨ ᠡᠭᠡᠨᠡᠷ ᠤᠨ ᠬᠠᠴᠠᠷ ᠨᠢ ᠤᠯᠠᠭᠠᠨ᠃ | 67 ᠮᠠᠯ ᠭᠠᠷᠭᠠᠭᠰᠠᠨ ᠤ ᠲᠠᠷᠠᠭ᠎ᠠ ᠬᠦᠵᠡᠭᠡᠨ ᠤ ᠰᠠᠭᠰᠤᠷᠭ᠎ᠠ ︵ᠪᠠᠰᠠ ᠬᠦᠵᠡᠭᠡᠨ ᠤ ᠵᠤᠷᠭᠤᠳᠠᠰᠤ︶ ᠨᠢ | ᠶᠡᠭᠡ ᠪᠠᠶᠢᠪᠠᠯ ᠡᠨᠡ ᠡᠪᠦᠯ ᠴᠠᠰᠤ ᠶᠡᠭᠡ ᠲᠠᠢ ᠭᠡᠳᠡᠭ | 68 ᠤᠭᠤᠯᠢ᠂ ᠰᠢᠷ᠎ᠠ ᠰᠢᠪᠠᠭᠤ ᠭᠡᠷ ᠤᠨ ᠤᠷᠴᠢᠮ ᠪᠠᠷᠬᠢᠷᠠᠭᠠᠳ ᠪᠠᠶᠢᠪᠠᠯ ᠮᠠᠭᠤ ᠶᠤᠷᠤ ᠭᠡᠳᠡᠭ᠃ ᠭᠡᠬᠦ ᠳᠤ | ᠵᠠᠨᠤᠪᠠᠯ ᠰᠠᠶᠢᠨ ᠴᠢᠮᠡᠭᠡ ᠬᠦᠷᠭᠡᠳᠡᠭ᠃ | 69 ᠬᠤᠨᠢ ᠮᠦᠷᠬᠦᠯᠳᠦᠪᠠᠯ ᠲᠡᠭᠷᠢ ᠲᠤᠯᠠᠭᠠᠷᠠᠨᠠ᠂ ᠬᠤᠨᠢ ᠲᠤᠭᠯᠠᠵᠤ ᠬᠦᠶᠦᠯᠳᠦᠪᠠᠯ ᠲᠡᠭᠷᠢ ᠬᠦᠢᠳᠡᠷᠡᠬᠦ | ᠭᠡᠳᠡᠭ᠃ | 70 ᠪᠢᠲᠡᠭᠦᠨ᠂ ᠰᠢᠨ᠎ᠠ ᠶᠢᠨ ᠨᠢᠭᠡᠨ᠂ ᠴᠠᠭᠠᠨ ᠰᠠᠷ᠎ᠠ ᠶᠢᠨ ᠬᠤᠷᠢᠨ ᠭᠤᠷᠪᠠᠨ ᠤ ᠰᠦᠨᠢ ᠬᠠᠮᠢᠭ᠎ᠠ ᠯᠤᠤᠰ ᠤᠨ | ᠳ᠋ᠧᠩᠯᠦ ᠤᠯᠠᠨ ᠦᠵᠡᠭᠳᠡᠪᠡᠯ ᠲᠠᠨᠳᠠ ᠲᠠᠷᠢᠶ᠎ᠠ ᠲᠦᠮᠦᠰᠦ ᠰᠠᠶᠢᠨ ᠤᠷᠭᠤᠵᠤ ᠴᠠᠭ ᠵᠢᠯ ᠰᠠᠶᠢᠨ ᠪᠤᠯᠤᠨ᠎ᠠ ᠭᠡᠳᠡᠭ᠃ | 71 ᠬᠠᠷᠢᠶᠠᠴᠠᠢ ᠲᠡᠭᠳᠡᠭᠡᠭᠡᠢ ᠳᠡᠭᠡᠨ ᠢᠳᠡᠰᠢ ᠵᠦᠭᠡᠭᠡᠬᠦ ᠳᠡᠭᠡᠨ ᠡᠩ ᠤᠨ ᠦᠶ᠎ᠡ ᠪᠤᠯ ᠠᠯᠭᠤᠷ ᠲᠠᠶᠢᠪᠤᠩ | ᠪᠠᠶᠢᠳᠠᠭ᠃ ᠭᠡᠬᠦ ᠳᠤ ᠪᠤᠷᠤᠭ᠎ᠠ ᠤᠷᠤᠬᠤ ᠪᠤᠯᠤᠭᠰᠠᠭᠠᠷ ᠯᠠ ᠮᠠᠰᠢ ᠶᠠᠭᠠᠷᠡᠦ᠂ ᠬᠤᠷᠳᠤᠨ ᠲᠦᠷᠭᠡᠨ ᠵᠦᠭᠡᠭᠡᠳᠡᠭ | ᠪᠦᠭᠡᠳ ᠶᠡᠭᠡ ᠭᠡᠮᠵᠢᠶᠡᠨ ᠤ ᠢᠳᠡᠰᠢ ᠵᠦᠭᠡᠭᠡᠪᠤᠷᠢᠯᠡᠵᠤ ᠪᠡᠯᠡᠳᠭᠡᠳᠡᠭ᠃ | 72 ᠬᠠᠷᠢᠶᠠᠴᠠᠢ ᠡᠬᠦᠷ ᠪᠠᠷᠢᠬᠤ ᠳᠠᠭᠠᠨ ᠭᠡᠷ ᠤᠨ ᠮᠤᠬᠤᠷ ᠤᠷᠤᠭᠤ ︵ᠬᠤᠶᠢᠰᠢ︶ ᠬᠠᠨᠳᠤᠭᠤᠯᠵᠤ ᠪᠠᠷᠢᠪᠠᠯ | ᠲᠠᠷᠠ ᠵᠢᠯ ᠡᠮᠦᠨ᠎ᠠ ᠵᠦᠭ ᠠᠴᠠ ᠶᠡᠭᠡ ᠪᠤᠷᠤᠭ᠎ᠠ ᠢᠷᠡᠨ᠎ᠠ᠂ ᠭᠡᠷᠪᠡ ᠵᠡᠬᠦᠨ ᠬᠤᠶᠢᠳᠤ ᠪᠤᠯᠤᠩ ᠳᠤ ᠡᠬᠦᠷ ᠪᠠᠷᠢᠪᠠᠯ | ᠮᠥᠨ ᠵᠡᠬᠦᠨ ᠬᠤᠶᠢᠳᠤ ᠲᠠᠯ᠎ᠠ ᠠᠴᠠ ᠶᠡᠭᠡ ᠪᠤᠷᠤᠭ᠎ᠠ ᠤᠷᠤᠨ᠎ᠠ᠃ | 73 ᠬᠠᠷᠢᠶᠠᠴᠠᠢ ᠬᠠᠷ᠎ᠠ ᠦᠷᠯᠦᠭᠡᠬᠦᠷ ᠬᠤᠷᠬᠢᠯᠬᠤ ᠪᠤᠶᠤ ᠭᠠᠵᠠᠷ ᠰᠢᠬᠦᠷᠬᠦ ᠳᠤ ᠪᠤᠷᠤᠭᠠᠯᠠᠨ᠎ᠠ᠃ | 74 ᠪᠢᠯᠵᠤᠤᠬᠠᠢ ᠮᠤᠳᠤᠨ ᠲᠡᠭᠡᠷ᠎ᠡ ᠪᠦᠭᠡᠮᠨᠠᠷᠠᠨ ᠬᠤᠷᠬᠢᠯᠪᠠᠯ ᠨᠠᠮᠤᠷ ᠤᠷᠤᠢ ᠪᠤᠯ ᠬᠦᠢᠳᠡᠷᠡᠨ᠎ᠠ᠂ ᠵᠤᠨ ᠪᠤᠯ | ᠪᠤᠷᠤᠭᠠᠯᠠᠨ᠎ᠠ᠂ ᠬᠠᠷᠢᠨ ᠡᠪᠦᠯ ᠬᠠᠪᠤᠷ ᠪᠤᠯ ᠰᠠᠯᠬᠢᠯᠠᠵᠤ ᠰᠢᠭᠤᠷᠠᠨ᠎ᠠ᠃ | 75 ᠮᠤᠭᠠᠢ᠂ ᠬᠤᠯᠤᠭᠠᠨ᠎ᠠ ᠶᠡᠭᠡ ᠪᠠᠷ ᠨᠡᠬᠦᠯᠳᠡ ᠬᠢᠪᠠᠯ ᠭᠠᠵᠠᠷ ᠬᠦᠳᠡᠯᠦᠨ᠎ᠠ᠃ | 76 ᠲᠠᠪᠤᠨ ᠬᠤᠰᠢᠭᠤ ᠮᠠᠯ ᠤᠨ ᠠᠯᠢ ᠨᠢ ᠴᠦ ᠠᠳᠠᠯᠢ᠂ ᠪᠡᠯᠴᠢᠭᠡᠷ ᠲᠤ ᠲᠤᠭᠳᠠᠵᠤ ᠶᠠᠳᠠᠨ ᠦᠢᠮᠡᠭᠡᠳ | ᠢᠷᠡᠪᠡᠯ ᠲᠡᠭᠷᠢ ᠬᠤᠪᠢᠯᠤᠨ᠎ᠠ᠃ ᠡᠪᠦᠯ ᠪᠤᠯ ᠬᠦᠢᠳᠡᠷᠡᠵᠤ ᠴᠠᠰᠤᠯᠠᠬᠤ᠂ ᠬᠠᠪᠤᠷ ᠪᠤᠯ ᠰᠠᠯᠬᠢᠯᠠᠬᠤ᠂ ᠵᠤᠨ ᠪᠤᠯ | ᠪᠤᠷᠤᠭᠠᠯᠠᠬᠤ᠃ | 77 ᠬᠠᠳᠤᠨ ᠬᠠᠷᠢᠶᠠᠴᠠᠢ ᠬᠤᠶᠠᠭᠤᠯᠠ ᠪᠤᠯᠵᠤ ᠢᠷᠡᠭᠡᠳ ᠴᠤᠩᠬᠤᠨ ᠲᠡᠭᠡᠷ᠎ᠠ ᠱᠤᠯᠤᠭᠠᠨᠠᠭᠠᠳ ᠪᠠᠶᠢᠪᠠᠯ | ᠤᠯᠠᠨ ᠦᠭᠡ ᠲᠠᠢ ᠭᠡᠶᠢᠴᠢᠨ ᠢᠷᠡᠨ᠎ᠠ᠃ | 78 ᠵᠤᠨ ᠤ ᠤᠯᠠᠷᠢᠯ ᠳᠤ ᠦᠷᠯᠦᠭᠡ ᠤᠷᠤᠢ ᠨᠢ ᠬᠦᠢᠳᠠᠨ ᠪᠤᠯᠪᠠᠯ ᠭᠠᠩᠳᠠᠨ᠎ᠠ᠃ | 79 ᠲᠤᠸᠠᠩ ᠤᠨ ᠡᠳᠦᠷ ᠪᠤᠷᠤᠭᠠᠨ ᠲᠠᠢ ᠪᠤᠯ ᠲᠤᠭᠤᠭᠠᠨ ᠲᠤᠳᠤᠷ᠎ᠠ ᠲᠤᠰᠤ ᠲᠠᠢ ᠪᠤᠳᠠᠭ᠎ᠠ ᠲᠠᠢ᠃ ᠲᠠᠷᠤᠢ | ᠬᠤᠷ᠎ᠠ ᠪᠤᠷᠤᠭ᠎ᠠ ᠡᠯᠪᠡᠭ᠃ | 80 ᠵᠤᠨ ᠤ ᠠᠭᠤᠷ ᠤᠷᠤᠭᠰᠠᠨ ᠡᠳᠦᠷ ᠲᠤ ᠲᠡᠭᠷᠢ ᠶᠢᠨ ᠬᠠᠶᠠᠭ᠎ᠠ ᠬᠠᠷᠠᠩᠭᠤᠶᠢᠯᠠᠵᠤ᠂ ᠰᠠᠯᠬᠢᠨ ᠬᠤᠶᠢᠨ᠎ᠠ᠂ | ᠵᠡᠬᠦᠨ ᠬᠤᠶᠢᠨ᠎ᠠ ᠠᠴᠠ ᠭᠠᠷᠪᠠᠯ ᠪᠤᠷᠤᠭ᠎ᠠ ᠲᠠᠢ ᠵᠢᠯ ᠪᠤᠯᠤᠨ᠎ᠠ᠂ ᠪᠠᠷᠠᠭᠤᠨ ᠠᠴᠠ ᠰᠠᠯᠬᠢᠯᠠᠵᠤ ᠲᠡᠭᠷᠢ ᠶᠢᠨ ᠬᠠᠶᠠᠭ᠎ᠠ | ᠭᠡᠭᠡᠪᠳᠤᠷ ᠪᠠᠶᠢᠪᠠᠯ ᠭᠠᠩᠳᠠᠨ᠎ᠠ᠃ |