ᠪᠠᠶᠢᠭᠠᠯᠢ ᠲᠤᠬᠢᠶ᠎ᠠ ︵ᠭᠤᠷᠪᠠ︶
ᠨᠡᠶᠢᠲᠡᠯᠡᠭᠰᠡᠨ ᠴᠠᠭ᠄
2023/11/6
     ᠮᠤᠩᠭᠤᠯ ᠬᠦᠮᠦᠨ ᠤ ᠰᠤᠶᠤᠯ ᠪᠤᠯ ᠪᠠᠶᠢᠭᠠᠯᠢ ᠶᠢᠨ ᠰᠤᠶᠤᠯ᠂ ᠬᠠᠶᠢᠷ᠎ᠠ ᠶᠢᠨ ᠰᠤᠶᠤᠯ ᠶᠤᠮ ᠭᠡᠵᠤ ᠭᠡᠯᠡᠵᠤ ᠪᠤᠯᠬᠤ ᠶᠤᠰᠤ ᠴᠦ ᠡᠨᠡ᠃ ᠲᠡᠭᠡᠬᠦ ᠳᠤ ᠮᠤᠩᠭᠤᠯ ᠬᠦᠮᠦᠨ ᠪᠠᠶᠢᠭᠠᠯᠢ ᠪᠠᠨ ᠭᠡᠷᠬᠢᠨ ᠤᠶᠢᠯᠠᠭᠠᠵᠤ᠂ ᠪᠠᠶᠢᠭᠠᠯᠢ ᠨᠢ ᠮᠤᠩᠭᠤᠯ ᠬᠦᠮᠦᠨ ᠳᠤ ᠶᠠᠭᠠᠬᠢᠵᠤ ᠲᠤᠬᠢᠶ᠎ᠠ ᠪᠠᠨ ᠦᠭᠳᠡᠭ ᠪᠠᠶᠢᠨ᠎ᠠ︖ ᠤᠷᠴᠢᠯᠠᠩ ᠲᠡᠯᠡᠭᠡᠢ ᠶᠢᠨ ᠲᠦᠮᠡᠨ ᠪᠤᠳᠠᠰ᠂ ᠬᠤᠷᠤᠬᠠᠢ ᠰᠢᠪᠡᠵᠢ ᠠᠴᠠ ᠡᠬᠢᠯᠡᠭᠡᠳ ᠠᠷᠢᠶᠠᠳᠠᠨ ᠵᠢᠬᠦᠷᠳᠡᠨ ᠮᠤᠩᠭᠤᠯ ᠬᠦᠮᠦᠨ ᠳᠤ ᠶᠠᠭᠠᠬᠢᠵᠤ ᠰᠤᠷᠠᠭ ᠴᠢᠮᠡᠭᠡ ᠬᠦᠷᠭᠡᠳᠡᠭ ᠪᠠᠶᠢᠨ᠎ᠠ︖      41 ᠰᠠᠯᠬᠢᠨ ᠵᠡᠬᠦᠨ ᠭᠤᠷᠪᠠᠨ ᠵᠦᠭ ᠲᠤ ᠭᠠᠷᠪᠠᠯ ᠪᠤᠷᠤᠭ᠎ᠠ ᠡᠯᠪᠡᠭ᠃      42 ᠰᠠᠷ᠎ᠠ ᠶᠢᠨ ᠡᠬᠢᠨ ᠳᠤ ᠬᠦᠭᠡ ᠬᠦᠭᠴᠢᠨ᠂ ᠬᠠᠷ᠎ᠠ ᠬᠠᠷᠠᠭᠴᠢᠨ ᠭᠡᠬᠦ ᠮᠠᠳᠤ ᠬᠦᠭᠡ ᠬᠠᠷ᠎ᠠ ᠪᠠᠷ ᠡᠬᠢᠯᠡᠪᠡᠯ ᠪᠤᠷᠤᠭᠠᠨ ᠡᠯᠪᠡᠭ᠃      43 ᠬᠤᠷᠢᠨ ᠲᠠᠪᠤᠨ ᠳᠤ ᠶᠠᠮᠠᠷ ᠲᠡᠭᠷᠢ ᠪᠤᠯ ᠲᠠᠷᠠᠭ᠎ᠠ ᠰᠠᠷ᠎ᠠ ᠨᠢ ᠮᠥᠨ ᠲᠡᠶᠢᠮᠤ᠃      44 ᠬᠤᠷᠢ ᠶᠢᠰᠦᠨ ᠳᠤ ᠡᠮᠦᠨ᠎ᠠ ᠠᠴᠠ ᠰᠠᠯᠬᠢᠯᠠᠨ ᠤᠷᠢᠵᠤ ᠪᠠᠶᠢᠪᠠᠯ ᠰᠢᠨ᠎ᠠ ᠶᠢᠨ ᠨᠢᠭᠡᠨ ᠳᠤ ᠪᠤᠷᠤᠭ᠎ᠠ ᠬᠤᠷ᠎ᠠ ᠲᠠᠢ᠂ ᠰᠢᠨ᠎ᠠ ᠶᠢᠨ ᠨᠢᠭᠡᠨ ᠬᠤᠶᠠᠷ ᠲᠤ ᠰᠠᠯᠬᠢ ᠬᠤᠶᠢᠨ᠎ᠠ ᠪᠠᠨ ᠪᠠᠶᠢᠪᠠᠯ ᠠᠷᠪᠠᠨ ᠲᠠᠪᠤᠨ ᠡᠳᠦᠷ ᠪᠤᠷᠤᠭ᠎ᠠ ᠪᠠᠶᠢᠬᠤ ᠦᠭᠡᠢ᠃      45 ᠬᠤᠢ ᠬᠤᠶᠢᠰᠢ ᠪᠠᠨ ᠶᠠᠪᠤᠪᠠᠯ ᠪᠤᠷᠤᠭᠠᠯᠠᠵᠤ᠂ ᠡᠮᠦᠨᠡᠰᠢ ᠶᠠᠪᠤᠪᠠᠯ ᠭᠠᠩᠳᠠᠨ᠎ᠠ᠃      46 ᠪᠤᠳᠠᠩ ᠲᠠᠳᠠᠪᠠᠯ ᠭᠤᠷᠪᠠᠨ ᠡᠳᠦᠷ ᠤᠨ ᠲᠤᠳᠤᠷ᠎ᠠ ᠲᠤᠩᠭᠤᠳᠴᠦ ᠲᠠᠭᠤᠳᠤ ᠪᠤᠷᠤᠭ᠎ᠠ ᠤᠷᠤᠨ᠎ᠠ᠃      47 ᠭᠠᠵᠠᠷ ᠤᠨ ᠵᠡᠷᠭᠡᠯᠭᠡᠨ ᠶᠡᠭᠡ ᠦᠵᠡᠭᠳᠡᠪᠠᠯ ᠪᠤᠷᠤᠭᠠᠯᠠᠨ᠎ᠠ᠃      48 ᠬᠠᠷ᠎ᠠ ᠲᠤᠭᠤᠷᠤᠤ ᠬᠠᠷᠵᠢᠬᠢᠨᠠᠪᠠᠯ ᠬᠠᠷ᠎ᠠ ᠪᠤᠷᠤᠭᠠᠨ ᠤᠷᠤᠨ᠎ᠠ᠃      49 ᠨᠠᠷᠠ ᠰᠢᠪᠳᠤᠷᠴᠦ ᠰᠢᠩᠭᠡᠪᠡᠯ ᠲᠡᠭᠷᠢ ᠭᠡᠶᠢᠨ᠎ᠠ᠃      50 ᠰᠠᠯᠬᠢ ᠵᠦᠪ ᠢᠶᠠᠷ ᠡᠷᠬᠢᠪᠠᠯ ᠲᠡᠭᠷᠢ ᠭᠡᠶᠢᠨ᠎ᠠ᠂ ᠪᠦᠷᠬᠦᠵᠤ ᠪᠠᠶᠢᠬᠤ ᠦᠶ᠎ᠡ ᠰᠠᠯᠬᠢ ᠪᠤᠷᠤᠭᠤ ᠪᠠᠷ ᠡᠷᠬᠢᠪᠡᠯ ᠭᠡᠳᠦᠶᠢᠪᠠᠷ ᠭᠡᠶᠢᠬᠦ ᠪᠤᠯᠪᠠᠴᠦ ᠤᠳᠠᠯ ᠦᠭᠡᠢ ᠲᠠᠬᠢᠭᠠᠳ ᠪᠤᠷᠤᠭᠠᠯᠠᠨ᠎ᠠ᠃      51 ᠲᠤᠭᠤᠷᠤᠤ ᠬᠠᠩᠬᠢᠨᠠᠪᠠᠯ ᠬᠦᠯᠳᠡᠬᠦ ᠶᠢᠨ ᠲᠡᠮᠳᠡᠭ᠃      52 ᠲᠠᠪᠤ ᠶᠢᠰᠦ ᠳᠤ ᠨᠤᠭᠳᠤᠷᠤ ᠰᠢᠪᠠᠭᠤ ᠤᠯᠠᠨ ᠪᠠᠶᠢᠪᠠᠯ ᠢᠷᠡᠬᠦ ᠵᠢᠯ ᠤᠨ ᠲᠠᠷᠢᠶ᠎ᠠ ᠰᠠᠶᠢᠨ ᠭᠡᠳᠡᠭ᠃      53 ᠰᠡᠮᠡᠵᠢᠨ ᠴᠠᠭᠠᠨ ᠡᠬᠦᠯᠠ ᠪᠠᠷᠠᠭᠤᠨ ᠭᠤᠷᠪᠠᠨ ᠵᠦᠭ ᠲᠤ ᠭᠠᠷᠪᠠᠯ ᠪᠤᠷᠤᠭᠠᠯᠠᠨ᠎ᠠ᠃      54 ᠭᠡᠳᠦᠨ ᠡᠳᠦᠷ ᠢᠶᠠᠷ ᠪᠤᠷᠤᠭᠠᠨ ᠦᠷᠬᠦᠯᠵᠢᠯᠡᠭᠡᠳ ᠭᠡᠶᠢᠬᠦ ᠦᠭᠡᠢ ᠦᠶ᠎ᠡ ᠬᠤᠨᠢᠩᠬᠠᠢ ᠪᠢᠯᠵᠤᠤᠬᠠᠢ ︵ᠪᠠᠰᠠ ᠮᠠᠯᠠᠭᠠᠶᠢᠲᠤ ᠪᠢᠯᠵᠤᠤᠬᠠᠢ ᠭᠡᠳᠡᠭ︶ ᠲᠤᠤᠭᠠᠷᠪᠠᠯ ᠲᠡᠭᠷᠢ ᠭᠡᠶᠢᠳᠡᠭ᠂ ᠭᠡᠷᠪᠡ ᠲᠤᠩᠭᠠᠯᠠᠭ ᠡᠳᠦᠷ ᠲᠤᠤᠭᠠᠷᠪᠠᠯ ᠭᠡᠶᠢᠴᠢᠨ ᠢᠷᠡᠨ᠎ᠠ᠃      55 ᠮᠠᠳᠠᠷ ᠬᠤᠷᠤᠬᠠᠢ ᠭᠠᠵᠠᠷ ᠤᠨ ᠲᠡᠭᠡᠷ᠎ᠠ ᠭᠠᠷᠪᠠᠯ ᠪᠤᠷᠤᠭᠠᠯᠠᠨ᠎ᠠ᠃      56 ᠬᠠᠪᠤᠷ ᠨᠢ ᠰᠢᠷᠠᠭᠴᠢᠨ ᠲᠠᠤᠯᠠᠢ ᠡᠳᠦᠷ ᠰᠠᠯᠬᠢᠯᠠᠪᠠᠯ ᠵᠢᠷᠠᠨ ᠡᠳᠦᠷ ᠰᠠᠯᠬᠢᠯᠠᠨ᠎ᠠ᠂ ᠭᠡᠬᠦ ᠳᠤ ᠲᠤᠯᠤᠭ᠎ᠠ ᠬᠤᠨᠤᠭ ᠲᠡᠭᠡᠷ᠎ᠡ ᠨᠢ ᠤᠯᠠᠭᠠᠨ ᠨᠤᠬᠠᠢ ᠢᠷᠡᠬᠦ ᠦᠶ᠎ᠡ ᠪᠠᠰᠠ ᠰᠠᠯᠬᠢᠯᠠᠪᠠᠯ ᠰᠢᠷᠠᠭᠴᠢᠨ ᠲᠠᠤᠯᠠᠢ ᠪᠠᠨ ᠬᠠᠷᠢᠭᠤᠯᠤᠭᠠᠳ ᠠᠪᠴᠢᠬᠠᠭᠰᠠᠨ ᠠᠴᠠ ᠰᠠᠯᠬᠢ ᠶᠢ ᠨᠢ ᠵᠤᠭᠰᠤᠭᠠᠨ᠎ᠠ᠃      57 ᠨᠠᠮᠤᠷ ᠤᠨ ᠬᠦᠭᠡ ᠬᠤᠯᠤᠭᠠᠨ᠎ᠠ ᠡᠳᠦᠷ ᠪᠤᠷᠤᠭ᠎ᠠ ᠤᠷᠤᠪᠠᠯ ᠵᠢᠷᠠ ᠬᠤᠨᠤᠭ ᠤᠨ ᠪᠤᠷᠤᠭ᠎ᠠ ᠲᠠᠢ᠂ ᠡᠪᠦᠯ  ᠤᠨ ᠬᠦᠭᠡ ᠬᠤᠯᠤᠭᠠᠨ᠎ᠠ ᠡᠳᠦᠷ ᠴᠠᠰᠤ ᠤᠨᠠᠪᠠᠯ ᠮᠥᠨ ᠵᠢᠷᠠ ᠬᠤᠨᠤᠭ ᠤᠨ ᠴᠠᠰᠤ ᠲᠠᠢ ᠭᠡᠳᠡᠭ᠃ ᠬᠠᠪᠤᠷ ᠤᠨ ᠬᠦᠭᠡ ᠬᠤᠯᠤᠭᠠᠨ᠎ᠠ ᠡᠳᠦᠷ ᠪᠤᠷᠤᠭ᠎ᠠ ᠤᠷᠤᠪᠠᠯ ᠵᠢᠷᠠ ᠬᠤᠨᠤᠭ ᠤᠨ ᠰᠠᠯᠬᠢ᠂ ᠵᠤᠨ ᠤ ᠬᠦᠭᠡ ᠬᠤᠯᠤᠭᠠᠨ᠎ᠠ ᠡᠳᠦᠷ ᠪᠤᠷᠤᠭ᠎ᠠ ᠤᠷᠤᠪᠠᠯ ᠵᠢᠷᠠ ᠬᠤᠨᠤᠭ ᠤᠨ ᠭᠠᠩ ᠲᠠᠢ ᠭᠡᠳᠡᠭ᠃ ᠨᠢᠭᠡ ᠤᠯᠠᠷᠢᠯ ᠳᠤ ᠬᠦᠭᠡ ᠬᠤᠯᠤᠭᠠᠨ᠎ᠠ ᠬᠤᠶᠠᠷ ᠤᠳᠠᠭ᠎ᠠ ᠲᠤᠬᠢᠶᠠᠯᠳᠤᠨ᠎ᠠ᠃      58 ᠨᠠᠢᠮᠠᠨ ᠰᠠᠷ᠎ᠠ ᠶᠢᠨ ᠰᠢᠨ᠎ᠠ ᠶᠢᠨ ᠲᠠᠪᠤᠨ ᠳᠤ ᠪᠤᠷᠤᠭ᠎ᠠ ᠲᠤᠰᠤᠯᠪᠠᠯ ᠬᠤᠷᠤᠬᠠᠢ ᠪᠠᠭᠤᠳᠠᠭ᠃      59 ᠬᠤᠶᠠᠷ ᠬᠤᠢ ᠨᠠᠶᠢᠯᠠᠵᠤ ᠢᠷᠡᠪᠡᠯ ᠭᠤᠷᠪᠠ ᠬᠤᠨᠤᠭ ᠤᠨ ᠲᠤᠳᠤᠷ᠎ᠠ ᠪᠤᠷᠤᠭᠠᠯᠠᠨ᠎ᠠ᠃      60 ᠲᠠᠪᠤ ᠶᠢᠰᠦ ᠶᠢᠨ ᠲᠤᠳᠤᠷ᠎ᠠ ᠴᠠᠰᠤᠯᠠᠵᠤ ᠰᠠᠯᠬᠢᠯᠠᠪᠠᠯ ᠲᠠᠪᠤᠨ ᠬᠠᠯᠠᠭᠤᠨ ᠲᠤᠳᠤᠷ᠎ᠠ ᠪᠤᠷᠤᠭᠠᠨ ᠲᠠᠢ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号