ᠤᠩᠨᠢᠭᠤᠳ ᠬᠤᠰᠢᠭᠤᠨ ᠳᠤ ᠤᠷᠭᠤᠳᠠᠭ ᠡᠮᠳᠦ ᠤᠷᠭᠤᠮᠠᠯ ︵ᠳᠣᠯᠤᠭ᠎ᠠ︶
ᠨᠡᠶᠢᠲᠡᠯᠡᠭᠰᠡᠨ ᠴᠠᠭ᠄
2023/12/18
     70᠂ ᠦᠭᠡᠷ ᠦᠷᠭᠡᠨ᠎ᠡ ︵车前子︶ ᠶᠢ ᠲᠦᠪᠡᠳ ᠢᠶᠠᠷ ᠳᠠᠷᠢᠮ ᠭᠡᠳᠡᠭ᠃ ᠦᠭᠡᠷ ᠦᠷᠭᠡᠨ᠎ᠡ ᠶᠢᠨ ᠢᠵᠠᠭᠤᠷ᠂ ᠦᠭᠡᠷ ᠦᠷᠭᠡᠨ᠎ᠡ ᠶᠢᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠪᠦᠭᠦᠯᠢ ᠡᠪᠡᠰᠦ ᠪᠠ ᠦᠷ᠎ᠡ ᠨᠢ ᠡᠮ ᠳᠤ ᠤᠷᠤᠨ᠎ᠠ᠃ ᠰᠠᠭᠤᠯᠭᠠᠬᠤ ᠶᠢ ᠵᠤᠭᠰᠤᠭᠠᠬᠤ᠂ ᠰᠢᠭᠡᠯᠭᠡᠭᠦ᠂ ᠬᠠᠨᠢᠶᠠᠳᠤ ᠶᠢ ᠵᠤᠭᠰᠤᠭᠠᠬᠤ᠂ ᠰᠢᠷ᠎ᠠ ᠤᠰᠤ ᠶᠢ ᠬᠠᠳᠠᠭᠠᠬᠤ᠂ ᠨᠢᠳᠦᠨ ᠬᠠᠷᠠᠭ᠎ᠠ ᠶᠢ ᠰᠠᠶᠢᠵᠢᠷᠠᠭᠤᠯᠬᠤ ᠦᠢᠯᠡᠳᠦᠯ ᠲᠠᠢ᠃      71᠂ ᠢᠮᠠᠭᠠᠨ ᠵᠠᠩᠭᠤᠤ ︵蒺藜︶ ᠶᠢ ᠲᠦᠪᠡᠳ ᠢᠶᠠᠷ ᠰᠧᠮ᠎ᠠ ᠭᠡᠳᠡᠭ᠃ ᠢᠮᠠᠭᠠᠨ ᠵᠠᠩᠭᠤᠤ ᠶᠢᠨ ᠢᠵᠠᠭᠤᠷ᠂ ᠢᠮᠠᠭᠠᠨ ᠵᠠᠩᠭᠤᠤ ᠶᠢᠨ ᠲᠦᠷᠦᠯ ᠤᠨ ᠨᠢᠭᠡ ᠨᠠᠰᠤᠳᠤ ᠡᠪᠡᠰᠦᠯᠢᠭ ᠤᠷᠭᠤᠮᠠᠯ ᠶᠤᠮ᠃ ᠵᠢᠮᠢᠰ ᠪᠠ ᠨᠠᠶᠢᠯᠵᠠᠭᠤᠷ ᠨᠢ ᠡᠮ ᠳᠤ ᠤᠷᠤᠨ᠎ᠠ᠃ ᠰᠢᠭᠡᠯᠭᠡᠭᠦ᠂ ᠪᠦᠭᠡᠷᠡᠨ ᠲᠠᠮᠢᠷ ᠢ ᠰᠠᠶᠢᠵᠢᠷᠠᠭᠤᠯᠬᠤ᠂ ᠭᠡᠢ ᠶᠢ ᠲᠠᠷᠤᠬᠤ᠂ ᠴᠢᠰᠤᠨ  ᠤ ᠭᠦᠶᠦᠳᠡᠯ ᠢ ᠰᠠᠶᠢᠵᠢᠷᠠᠭᠤᠯᠬᠤ᠂ ᠨᠢᠳᠦᠨ ᠬᠠᠷᠠᠭ᠎ᠠ ᠶᠢ ᠰᠠᠶᠢᠵᠢᠷᠠᠭᠤᠯᠬᠤ᠂ ᠵᠠᠭᠠᠳᠤᠨᠠᠬᠤ ᠶᠢ ᠵᠣᠭᠰᠤᠭᠠᠬᠤ ᠦᠢᠯᠡᠳᠦᠯ ᠲᠠᠢ᠃      72᠂ ᠬᠠᠷ᠎ᠠ ᠰᠢᠪᠠᠭ ︵青蒿︶ ᠶᠢ ᠲᠦᠪᠡᠳ ᠢᠶᠠᠷ ᠫᠦᠷᠡᠨᠠᠭ ᠭᠡᠳᠡᠭ᠃ ᠤᠳᠠᠪᠠᠯ᠎ᠠ ᠶᠢᠨ ᠢᠵᠠᠭᠤᠷ᠂ ᠰᠢᠷᠠᠯᠵᠢ ᠶᠢᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠶᠤᠮ᠃ ᠪᠦᠭᠦᠯᠢ ᠡᠪᠡᠰᠦ ᠨᠢ ᠡᠮ ᠳᠤ ᠤᠷᠤᠨ᠎ᠠ᠃ ᠨᠢᠶᠠᠨ ᠬᠤᠷᠤᠬᠠᠢ ᠶᠢ ᠨᠢᠳᠤᠯᠠᠬᠤ᠂ ᠬᠠᠯᠠᠭᠤᠨ ᠢ ᠠᠷᠢᠯᠭᠠᠬᠤ᠂ ᠦᠭᠡᠷᠢ ᠰᠢᠷ᠎ᠠ ᠤᠰᠤ ᠶᠢ ᠬᠠᠳᠠᠭᠠᠬᠤ᠂ ᠴᠢᠰᠤ ᠶᠢ ᠵᠤᠭᠰᠤᠭᠠᠬᠤ᠂ ᠰᠢᠭᠡᠯᠭᠡᠭᠦ ᠵᠡᠷᠭᠡ ᠦᠢᠯᠡᠳᠦᠯ ᠲᠠᠢ᠃      73᠂ ᠰᠠᠷᠭᠡᠶᠢᠯᠢᠭ ᠴᠡᠴᠡᠭ ︵败酱草︶ ᠪᠤᠯ ᠰᠡᠷᠭᠡᠶᠢᠯᠢᠭ ᠴᠡᠴᠡᠭ ᠤᠨ ᠢᠵᠠᠭᠤᠷ᠂ ᠰᠡᠷᠭᠡᠶᠢᠯᠢᠭ ᠴᠡᠴᠡᠭ ᠤᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠶᠤᠮ᠃ ᠪᠦᠭᠦᠯᠢ ᠡᠪᠡᠰᠦ ᠨᠢ ᠡᠮ ᠳᠤ ᠤᠷᠤᠨ᠎ᠠ᠃ ᠬᠠᠯᠠᠭᠤᠨ ᠢ ᠠᠷᠢᠯᠭᠠᠬᠤ᠂ ᠬᠤᠤᠷ᠎ᠠ ᠶᠢ ᠲᠠᠶᠢᠯᠠᠬᠤ᠂ ᠪᠦᠷᠢᠯᠳᠦᠭᠰᠡᠨ ᠴᠢᠰᠤ ᠶᠢ ᠡᠪᠳᠡᠭᠦ᠂ ᠴᠢᠰᠤᠨ ᠤ ᠭᠦᠶᠦᠳᠡᠯ ᠢ ᠰᠠᠶᠢᠵᠢᠷᠠᠭᠤᠯᠬᠤ᠂ ᠦᠭᠡᠷᠢ ᠶᠢ ᠳᠠᠳᠠᠬᠤ ᠵᠡᠷᠭᠡ ᠦᠢᠯᠡᠳᠦᠯ ᠲᠠᠢ᠃      74᠂ ᠮᠠᠨᠳᠠᠯᠳᠤ ᠴᠡᠴᠡᠭ ︵洋金花 曼陀罗︶ ᠪᠤᠯ ᠬᠠᠰᠢ ᠶᠢᠨ ᠢᠵᠠᠭᠤᠷ᠂ ᠲᠦᠪᠡᠳ ᠵᠠᠩᠭᠤᠤ ᠶᠢᠨ ᠲᠦᠷᠦᠯ ᠤᠨ ᠨᠢᠭᠡ ᠨᠠᠰᠤᠳᠤ ᠲᠤᠮᠤ ᠡᠪᠡᠰᠦᠯᠢᠭ ᠤᠷᠭᠤᠮᠠᠯ ᠪᠤᠯᠤᠨ᠎ᠠ᠃ ᠴᠡᠴᠡᠭ᠂ ᠦᠷ᠎ᠡ᠂ ᠨᠠᠪᠴᠢ ᠨᠢ ᠡᠮ ᠳᠤ ᠤᠷᠤᠨ᠎ᠠ᠃ ᠬᠤᠣᠷ ᠲᠠᠢ᠃ ᠬᠠᠨᠢᠶᠠᠬᠤ ᠶᠢ ᠵᠤᠭᠰᠤᠭᠠᠬᠤ᠂ ᠠᠮᠢᠰᠬᠤᠭᠠᠳᠠᠬᠤ ᠶᠢ ᠳᠠᠷᠤᠬᠤ᠂ ᠡᠪᠡᠳᠭᠦ ᠶᠢ ᠵᠤᠭᠰᠤᠭᠠᠬᠤ᠂ ᠬᠤᠷᠤᠬᠠᠢ ᠶᠢ ᠠᠷᠢᠯᠭᠠᠬᠤ ᠴᠢᠳᠠᠯ ᠲᠠᠢ᠃      75᠂ ᠬᠤᠨᠴᠢᠨ ︵ᠰᠢᠷ᠎ᠠ ᠪᠠᠪᠤ︶ ︵黄芩︶ ᠢ ᠲᠦᠪᠡᠳ ᠢᠶᠠᠷ ᠪᠠᠪᠤᠰᠧᠷᠪᠤ ᠭᠡᠳᠡᠭ᠃ ᠤᠷᠤᠭᠤᠯ ᠭᠡᠯᠪᠡᠷᠢᠳᠤ ᠴᠡᠴᠡᠭ ᠤᠨ ᠢᠵᠠᠭᠤᠷ᠂ ᠬᠤᠨᠴᠢᠨ ᠤ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠶᠤᠮ᠃ ᠦᠨᠳᠦᠰᠦ ᠨᠢ ᠡᠮ ᠳᠤ ᠤᠷᠤᠨ᠎ᠠ᠃ ᠨᠢᠶᠠᠨ ᠬᠠᠯᠠᠭᠤᠨ ᠢ ᠠᠷᠢᠯᠭᠠᠬᠤ᠂ ᠴᠢᠰᠤᠨ ᠬᠠᠯᠠᠭᠤᠨ᠂ ᠠᠭᠤᠰᠭᠢᠨ ᠬᠠᠯᠠᠭᠤᠨ᠂ ᠪᠠᠳᠭᠠᠨ ᠬᠠᠯᠠᠭᠤᠨ ᠢ ᠠᠷᠢᠯᠭᠠᠵᠤ᠂ ᠬᠤᠣᠷ ᠢ ᠲᠠᠶᠢᠯᠬᠤ᠂ ᠡᠪᠡᠳᠭᠦ ᠶᠢ ᠵᠤᠭᠰᠤᠭᠠᠬᠤ᠂ ᠭᠡᠪᠡᠯᠢ ᠳᠠᠬᠢ ᠭᠡᠤᠭᠡᠳ ᠢ ᠠᠮᠤᠷᠵᠢᠭᠤᠯᠬᠤ ᠴᠢᠳᠠᠯ ᠲᠠᠢ᠃      76᠂ ᠴᠠᠭᠢᠯᠳᠠᠭ ︵马蔺︶ ᠪᠤᠯ ᠴᠠᠭᠢᠯᠳᠠᠭ ᠤᠨ ᠢᠵᠠᠭᠤᠷ᠂ ᠴᠠᠭᠢᠯᠳᠠᠭ ᠤᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠮᠥᠨ᠃ ᠦᠨᠳᠦᠰᠦ᠂ ᠨᠠᠪᠴᠢ᠂ ᠴᠡᠴᠡᠭ᠂ ᠦᠷ᠎ᠡ ᠨᠢ ᠪᠢᠷ ᠡᠮ ᠳᠤ ᠤᠷᠤᠨ᠎ᠠ᠃ ᠲᠦᠪᠡᠳ ᠢᠶᠠᠷ ᠷᠧᠮ᠎ᠠ ᠭᠡᠳᠡᠭ᠃ ᠴᠠᠭᠢᠯᠳᠠᠭ ᠤᠨ ᠦᠷ᠎ᠡ ᠨᠢ ᠭᠤᠱᠤᠭᠤᠨ ᠠᠮᠳᠠᠳᠠᠢ ᠪᠦᠭᠡᠳ ᠲᠡᠭᠰᠢ ᠴᠢᠨᠠᠷ ᠲᠠᠢ᠃ ᠦᠷᠭᠡᠨ ᠴᠠᠭᠢᠯᠳᠠᠭ ᠤᠨ ᠦᠷ᠎ᠡ ᠨᠢ ᠦᠴᠦᠭᠡᠨ ᠭᠤᠱᠤᠭᠤᠨ᠂ ᠠᠮᠳᠠᠯᠢᠭ ᠪᠦᠭᠡᠳ ᠳᠡᠭᠰᠢ ᠴᠢᠨᠠᠷ ᠲᠠᠢ᠃ ᠪᠦᠮᠪᠦᠷᠭᠡᠨ ᠴᠠᠭᠢᠯᠳᠠᠭ ᠤᠨ ᠦᠷ᠎ᠡ ᠨᠢ ᠭᠤᠱᠤᠭᠤᠨ ᠠᠮᠳᠠᠯᠢᠭ ᠳᠡᠭᠰᠢ ᠴᠢᠨᠠᠷ ᠲᠠᠢ᠃ ᠴᠠᠭᠢᠯᠳᠠᠭ ᠨᠢ ᠢᠯᠵᠠᠷᠠᠬᠤ ᠶᠢ ᠵᠤᠭᠰᠤᠭᠠᠬᠤ᠂ ᠮᠢᠬ᠎ᠠ ᠲᠦᠷᠦᠭᠦᠯᠭᠦ᠃ ᠦᠷᠭᠡᠨ ᠴᠠᠭᠢᠯᠳᠠᠭ ᠨᠢ ᠬᠤᠷᠤᠬᠠᠢ ᠶᠢ ᠠᠯᠠᠬᠤ᠂ ᠬᠤᠤᠷ᠎ᠠ ᠶᠢ ᠲᠠᠶᠢᠯᠬᠤ᠃ ᠪᠦᠮᠪᠦᠷᠭᠡᠨ ᠴᠠᠭᠢᠯᠳᠠᠭ ᠨᠢ ᠬᠤᠤᠷ᠎ᠠ ᠶᠢ ᠬᠤᠷᠢᠶᠠᠬᠤ᠂ ᠨᠢᠳᠤᠯᠠᠬᠤ᠂ ᠭᠠᠷᠭᠠᠬᠤ᠂ ᠳᠤᠭᠤᠯᠤᠭᠤᠯᠬᠤ᠂ ᠦᠭᠡᠷᠢ ᠰᠢᠷ᠎ᠠ ᠤᠰᠤ ᠶᠢ ᠬᠠᠳᠠᠭᠠᠬᠤ ᠴᠢᠳᠠᠯ ᠲᠠᠢ᠃      77᠂ ᠤᠯᠠ ᠡᠪᠡᠰᠦ ︵白山蓟︶ ᠪᠤᠯ ᠤᠳᠠᠪᠠᠯ᠎ᠠ ᠶᠢᠨ ᠢᠵᠠᠭᠤᠷ᠂ ᠤᠯᠠ ᠡᠪᠡᠰᠦᠨ ᠤ ᠲᠦᠷᠦᠯ  ᠤᠨ  ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠭᠠᠵᠠᠷ ᠳᠡᠭᠡᠷᠡᠭᠢ ᠡᠪᠡᠰᠦ ᠶᠢ ᠦᠷᠭᠡᠰᠦ ᠶᠢ ᠨᠢ ᠠᠷᠢᠯᠭᠠᠨ ᠭᠡᠮᠭᠡᠯᠡᠵᠤ ᠬᠠᠳᠠᠭᠠᠨ ᠭᠡᠷᠡᠭᠯᠡᠭᠦ ᠪᠤᠶᠤ ᠨᠡᠭᠦᠷᠡᠰᠦ ᠪᠤᠯᠭᠠᠨ ᠭᠡᠷᠡᠭᠯᠡᠨ᠎ᠡ᠃ ᠴᠢᠰᠤ ᠭᠠᠷᠬᠤ᠂ ᠭᠢᠵᠢᠭ᠂ ᠪᠤᠯᠴᠢᠷᠬᠠᠢ᠂ ᠨᠢᠷᠤᠭᠤᠨ ᠤ ᠬᠠᠪᠤᠳᠠᠷ᠂ ᠶᠠᠷ᠎ᠠ ᠬᠠᠳᠠᠭᠢ᠂ ᠬᠤᠤᠷᠠᠳᠤ ᠬᠠᠪᠤᠳᠠᠷ ᠵᠡᠷᠭᠡ ᠶᠢ ᠵᠠᠰᠠᠨ᠎ᠠ᠃      78᠂ ᠵᠠᠷᠠᠭ᠎ᠠ ᠤᠯᠠ ︵蓝刺头︶ ᠪᠤᠯ ᠤᠳᠠᠪᠠᠯ᠎ᠠ ᠶᠢᠨ ᠢᠵᠠᠭᠤᠷ᠂ ᠵᠠᠷᠠᠭ᠎ᠠ ᠤᠯᠠ ᠶᠢᠨ ᠲᠦᠷᠦᠯ  ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠪᠠᠭ ᠴᠡᠴᠡᠭ᠂ ᠦᠨᠳᠦᠰᠦ ᠨᠢ ᠡᠮ ᠳᠤ ᠤᠷᠤᠨ᠎ᠠ᠃ ᠶᠠᠰᠤ ᠬᠤᠭᠤᠷᠠᠭᠰᠠᠨ᠂ ᠲᠤᠯᠤᠭᠠᠢ ᠬᠠᠳᠬᠤᠯᠠᠨ ᠡᠪᠡᠳᠭᠦ᠂ ᠰᠢᠷᠬ᠎ᠠ ᠶᠢᠨ ᠬᠠᠯᠠᠭᠤᠨ ᠵᠡᠷᠭᠡ ᠶᠢ ᠵᠠᠰᠠᠨ᠎ᠠ᠃      79᠂ ᠰᠤᠪᠤᠷᠭᠠᠨ ᠴᠡᠴᠡᠭ ︵ᠠᠶᠢᠷᠠᠭ ᠡᠪᠡᠰᠦ︶ ︵瓦松 流苏瓦松︶ ᠪᠤᠯ ᠮᠤᠭᠠᠢ ᠢᠳᠡᠭᠡ  ᠶᠢᠨ ᠢᠵᠠᠭᠤᠷ᠂ ᠰᠤᠪᠤᠷᠭᠠᠨ ᠴᠡᠴᠡᠭ ᠤᠨ ᠲᠦᠷᠦᠯ ᠤᠨ ᠤᠯᠠᠨ ᠨᠠᠰᠤᠳᠤ ᠮᠢᠬᠠᠯᠢᠭ ᠡᠪᠡᠰᠦᠯᠢᠭ ᠤᠷᠭᠤᠮᠠᠯ ᠪᠤᠯᠤᠨ᠎ᠠ᠃ ᠪᠦᠭᠦᠯᠢ ᠡᠪᠡᠰᠦ ᠨᠢ ᠡᠮ ᠳᠤ ᠤᠷᠤᠨ᠎ᠠ᠃ ᠴᠢᠰᠤ ᠰᠢᠷ᠎ᠠ ᠶᠢᠨ ᠡᠪᠡᠳᠴᠢᠨ᠂ ᠬᠤᠤᠷ ᠡᠪᠡᠳᠴᠢᠨ᠂ ᠬᠠᠯᠠᠭᠤᠨ ᠢᠶᠠᠷ ᠰᠠᠭᠤᠯᠭᠠᠬᠤ᠂ ᠶᠤᠯᠬᠤᠳᠠᠰᠤ᠂ ᠴᠢᠰᠤ ᠲᠠᠢ ᠪᠠᠭᠠᠬᠤ᠂ ᠰᠠᠪᠠᠨ ᠠᠴᠠ ᠴᠢᠰᠤ ᠭᠠᠷᠬᠤ᠂ ᠶᠠᠷ᠎ᠠ ᠵᠡᠷᠭᠡ ᠶᠢ ᠵᠠᠰᠠᠨ᠎ᠠ᠃      80᠂ ᠲᠡᠮᠡᠭᠡᠨ ᠰᠡᠭᠦᠯ ᠡᠪᠡᠰᠦ ︵列当︶ ᠪᠤᠯ ᠲᠡᠮᠡᠭᠡᠨ ᠰᠡᠭᠦᠯ ᠡᠪᠡᠰᠦᠨ ᠤ ᠢᠵᠠᠭᠤᠷ᠂ ᠲᠡᠮᠡᠭᠡᠨ ᠰᠡᠭᠦᠯ ᠡᠪᠡᠰᠦᠨ ᠤ ᠲᠦᠷᠦᠯ ᠤᠨ ᠪᠤᠰᠤᠳ ᠢ ᠲᠦᠰᠢᠨ ᠤᠷᠭᠤᠭᠴᠢ ᠡᠪᠡᠰᠦᠯᠢᠭ ᠤᠷᠭᠤᠮᠠᠯ ᠶᠤᠮ᠃ ᠪᠦᠭᠦᠯᠢ ᠡᠪᠡᠰᠦ ᠨᠢ ᠡᠮ ᠳᠤ ᠤᠷᠤᠨ᠎ᠠ᠃ ᠮᠡᠳᠡᠷᠡᠯ ᠤᠨ ᠡᠷᠭᠡᠳᠡᠨ ᠤ ᠠᠵᠢᠯᠯᠠᠭᠠᠨ ᠤ ᠡᠪᠡᠳᠴᠢᠨ᠂ ᠨᠢᠷᠤᠭᠤ ᠭᠦᠯ ᠭᠦᠢᠳᠡᠨ ᠤᠷᠭᠢᠵᠤ ᠡᠪᠡᠳᠭᠦ᠂ ᠪᠡᠯᠭᠡᠰ ᠰᠤᠯᠠᠷᠠᠬᠤ᠂ ᠭᠡᠤᠭᠡᠳ ᠤᠨ ᠰᠠᠭᠤᠯᠭᠠᠬᠤ ᠵᠡᠷᠭᠡ ᠶᠢ ᠵᠠᠰᠠᠨ᠎ᠠ᠃      81᠂ ᠤᠨᠢᠰᠤ ᠡᠪᠡᠰᠦ ︵ᠺᠦᠵᠦ᠋ᠭᠽᠠᠵᠤᠩ︶ ︵问 荆︶ ᠪᠤᠯ ᠵᠦᠯᠭᠦᠷ ᠡᠪᠡᠰᠦᠨ ᠢᠵᠠᠭᠤᠷ᠂ ᠵᠦᠯᠭᠦᠷ ᠡᠪᠡᠰᠦᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠮᠥᠨ᠃ ᠭᠠᠵᠠᠷ ᠳᠡᠭᠡᠷᠡᠭᠢ ᠡᠪᠡᠰᠦ ᠨᠢ ᠡᠮ ᠳᠤ ᠤᠷᠤᠨ᠎ᠠ᠃ ᠰᠢᠭᠡᠯᠭᠡᠭᠦ᠂ ᠰᠤᠳᠠᠯ ᠤᠨ ᠰᠦᠪᠡ ᠶᠢ ᠨᠡᠭᠡᠭᠡᠭᠳᠡᠭᠦᠯᠭᠦ᠂ ᠴᠢᠰᠤ ᠶᠢ ᠵᠤᠭᠰᠤᠭᠠᠬᠤ ᠴᠢᠳᠠᠯ ᠲᠠᠢ᠃      82᠂ ᠴᠠᠰᠤᠨ ᠴᠠᠭᠠᠨ ᠴᠡᠴᠡᠭ ︵ᠴᠠᠰᠤᠨ ᠴᠡᠴᠡᠭ︶ ︵马尾黄连 花唐松草︶ ᠪᠤᠯ ᠬᠤᠯᠳᠤᠰᠤᠨ ᠴᠡᠴᠡᠭ ᠤᠨ ᠢᠵᠠᠭᠤᠷ᠂ ᠴᠠᠰᠤᠨ ᠴᠡᠴᠡᠭ ᠤᠨ ᠲᠦᠷᠦᠯ ᠤᠨ ᠤᠯᠠᠨ ᠨᠠᠰᠤᠳᠤ ᠰᠢᠯᠤᠭᠤᠨ ᠤᠷᠭᠤᠬᠤ ᠡᠪᠡᠰᠦᠯᠢᠭ ᠤᠷᠭᠤᠮᠠᠯ ᠮᠥᠨ᠃ ᠵᠢᠮᠢᠰ ᠪᠠ ᠦᠨᠳᠦᠰᠦ ᠨᠢ ᠡᠮ ᠳᠤ ᠤᠷᠤᠨ᠎ᠠ᠃ ᠵᠢᠮᠢᠰ ᠨᠢ ᠬᠠᠨᠢᠶᠠᠳᠤ ᠶᠢ ᠵᠤᠭᠰᠤᠭᠠᠬᠤ᠂ ᠭᠡᠢ ᠶᠢ ᠲᠠᠷᠤᠬᠤ᠂ ᠢᠯᠴᠢ ᠶᠢ ᠡᠭᠦᠰᠭᠡᠭᠦ᠂ ᠢᠳᠡᠭᠡᠨ ᠢ ᠰᠢᠩᠭᠡᠭᠡᠭᠦ ᠴᠢᠳᠠᠯ ᠲᠠᠢ᠃ ᠦᠨᠳᠦᠰᠦ ᠨᠢ ᠬᠤᠳᠤᠭᠤᠳᠤ ᠶᠢ ᠴᠢᠭᠢᠷᠠᠭᠵᠢᠭᠤᠯᠬᠤ᠂ ᠢᠳᠡᠭᠡᠨ ᠢ ᠰᠢᠩᠭᠡᠭᠡᠭᠦ᠂ ᠡᠯᠢᠭᠡᠨ ᠬᠠᠯᠠᠭᠤᠨ ᠢ ᠠᠷᠢᠯᠭᠠᠬᠤ᠂ ᠨᠢᠳᠦᠨ ᠬᠠᠷᠠᠭ᠎ᠠ  ᠶᠢ ᠰᠠᠶᠢᠵᠢᠷᠠᠭᠤᠯᠬᠤ᠂ ᠬᠠᠯᠠᠭᠤᠨ ᠢ ᠠᠷᠢᠯᠭᠠᠬᠤ᠂ ᠬᠤᠤᠷ᠎ᠠ ᠶᠢ ᠲᠠᠶᠢᠯᠬᠤ ᠴᠢᠳᠠᠯ ᠲᠠᠢ᠃ ᠪᠠᠶᠢᠭᠠᠯ ᠴᠠᠰᠤᠨ ᠴᠡᠴᠡᠭ᠂ ᠰᠢᠷ᠎ᠠ ᠴᠠᠰᠤᠨ ᠴᠡᠴᠡᠭ ᠳᠠᠯᠠᠪᠴᠢᠳᠤ ᠴᠠᠰᠤᠨ ᠴᠡᠴᠡᠭ ᠭᠡᠵᠤ ᠪᠠᠶᠢᠳᠠᠭ᠃ ᠡᠮ ᠤᠨ ᠦᠢᠯᠡᠳᠦᠯ ᠨᠢ ᠠᠳᠠᠯᠢ᠃      83᠂ ᠪᠠᠷ ᠴᠡᠴᠡᠭ ︵飞燕草︶ ᠪᠤᠯ ᠬᠤᠯᠳᠤᠰᠤᠨ ᠴᠡᠴᠡᠭ ᠤᠨ ᠢᠵᠠᠭᠤᠷ᠂ ᠪᠠᠷ ᠴᠡᠴᠡᠭ ᠤᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠡᠪᠡᠰᠦ ᠨᠢ ᠡᠮ ᠳᠤ ᠤᠷᠤᠨ᠎ᠠ᠃ ᠨᠢᠶᠠᠨ  ᠭᠢᠵᠢᠭ  ᠤᠨ ᠬᠠᠯᠠᠭᠤᠨ ᠠᠴᠠ ᠪᠤᠯᠤᠭᠰᠠᠨ ᠤᠯᠠᠭᠠᠨ ᠢᠶᠠᠷ ᠰᠠᠭᠤᠯᠭᠠᠬᠤ᠂ ᠶᠤᠯᠬᠤᠳᠠᠰᠤ᠂ ᠰᠢᠷ᠎ᠠ ᠤᠰᠤᠨ ᠡᠪᠡᠳᠴᠢᠨ᠂ ᠭᠡᠢ ᠬᠠᠯᠠᠭᠤᠨ ᠳᠤ ᠰᠢᠳᠦ ᠡᠪᠡᠳᠭᠦ᠂ ᠶᠠᠷ᠎ᠠ ᠵᠡᠷᠭᠡ ᠶᠢ ᠵᠠᠰᠠᠨ᠎ᠠ᠃ ᠲᠦᠪᠡᠳ ᠢᠶᠠᠷ ᠵᠠᠭᠠᠩ ᠭᠡᠳᠡᠭ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号