ᠤᠩᠨᠢᠭᠤᠳ ᠬᠤᠰᠢᠭᠤᠨ ᠳᠤ ᠤᠷᠭᠤᠳᠠᠭ ᠡᠮᠳᠤ ᠤᠷᠭᠤᠮᠠᠯ ︵ᠲᠠᠪᠤ︶
ᠨᠡᠶᠢᠲᠡᠯᠡᠭᠰᠡᠨ ᠴᠠᠭ᠄
2023/12/7
     47.ᠬᠤᠨᠢᠨ ᠵᠠᠩᠭᠤᠤ ︵苍耳︶ ᠪᠤᠯ ᠤᠳᠠᠪᠠᠯ᠎ᠠ ᠶᠢᠨ ᠢᠵᠠᠭᠤᠷ᠂ ᠬᠤᠨᠢᠨ ᠵᠠᠩᠭᠤᠤ ᠶᠢᠨ ᠲᠦᠷᠦᠯ  ᠤᠨ ᠨᠢᠭᠡ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠂ ᠦᠷ᠎ᠡ ᠨᠢ ᠡᠮ ᠳᠤ ᠤᠷᠤᠨ᠎ᠠ᠃ ᠶᠠᠷ᠎ᠠ᠂ ᠦᠶ᠎ᠡ ᠭᠡᠰᠢᠭᠦᠦ ᠶᠢᠨ ᠰᠢᠷᠬ᠎ᠠ᠂ ᠭᠦᠢᠳᠡᠨ ᠭᠡᠢ ᠪᠠᠷ ᠲᠤᠯᠤᠭᠠᠢ ᠡᠪᠡᠳᠭᠦ᠂ ᠨᠢᠳᠦ ᠪᠦᠷᠭᠦᠯᠵᠢᠭᠦ᠂ ᠬᠠᠮᠠᠷ ᠰᠢᠷᠭᠢᠷᠠᠬᠤ᠂ ᠲᠦᠷᠪᠡᠨ ᠮᠦᠴᠢ ᠳᠠᠳᠠᠯᠳᠠᠬᠤ᠂ ᠬᠤᠯᠤᠭᠠᠨ᠎ᠠ ᠶᠢᠨ ᠶᠠᠷ᠎ᠠ ᠵᠡᠷᠭᠡ ᠶᠢ ᠵᠠᠰᠠᠨ᠎ᠠ᠃      48.ᠵᠡᠭᠡᠷᠭᠡᠨ᠎ᠡ ︵草麻黄︶ ᠪᠤᠯ ᠵᠡᠭᠡᠷᠭᠡᠨ᠎ᠡ ᠶᠢᠨ ᠢᠵᠠᠭᠤᠷ᠂ ᠵᠡᠭᠡᠷᠭᠡᠨ᠎ᠡ ᠶᠢᠨ ᠲᠦᠷᠦᠯ ᠤᠨ ᠡᠪᠡᠰᠦᠯᠢᠭ ᠪᠤᠳᠠ ᠮᠤᠳᠠ ᠪᠤᠯᠤᠨ᠎ᠠ᠂ ᠨᠠᠶᠢᠯᠵᠢᠭᠤᠷ ᠪᠠ ᠦᠨᠳᠦᠰᠦ ᠨᠢ ᠡᠮ ᠳᠤ ᠤᠷᠤᠨ᠎ᠠ᠃ ᠬᠠᠯᠠᠭᠤᠨ ᠭᠦᠢᠳᠡᠨ ᠭᠢᠮᠤᠷᠠᠭᠰᠠᠨ᠂ ᠬᠠᠨᠢᠶᠠᠬᠤ᠂ ᠤᠰᠤᠨ ᠬᠠᠪᠤᠩ᠂ ᠰᠢᠨ᠎ᠡ ᠬᠠᠭᠤᠴᠢᠨ ᠬᠠᠯᠠᠭᠤᠨ᠂ ᠡᠯᠢᠭᠡ ᠲᠡᠯᠢᠭᠦᠦ ᠶᠢᠨ ᠬᠠᠯᠠᠭᠤᠨ ᠢ ᠠᠷᠢᠯᠭᠠᠨ᠎ᠠ᠃       49.ᠵᠡᠷᠯᠢᠭ ᠸᠠᠨᠳ᠋ᠸᠦ ︵山野豌豆︶ ᠪᠤᠯ ᠪᠤᠷᠴᠠᠭ ᠤᠨ ᠢᠵᠠᠭᠤᠷ᠂ ᠵᠡᠷᠯᠢᠭ ᠸᠠᠨᠳ᠋ᠸᠦ ᠶᠢᠨ ᠲᠦᠷᠦᠯ ᠤᠨ ᠤᠯᠠᠨ ᠨᠠᠰᠤᠳᠤ ᠵᠡᠯᠡᠯᠡᠵᠤ ᠤᠷᠭᠤᠬᠤ ᠡᠪᠡᠰᠦᠯᠢᠭ ᠤᠷᠭᠤᠮᠠᠯ ᠪᠦᠭᠡᠳ ᠲᠦᠷᠪᠡᠯᠵᠢᠨ ᠡᠰᠢ ᠲᠠᠢ ᠶᠤᠮ᠂ ᠭᠠᠵᠠᠷ ᠳᠡᠭᠡᠷᠡᠭᠢ ᠡᠪᠡᠰᠦ ᠨᠢ ᠡᠮ ᠳᠤ ᠤᠷᠤᠨ᠎ᠠ᠃ ᠶᠠᠷ᠎ᠠ ᠰᠢᠷᠬ᠎ᠠ᠂ ᠬᠤᠭᠢᠨᠠᠭ ᠤᠨ ᠨᠤᠶᠢᠳᠠᠨ ᠪᠡᠷᠵᠢᠭᠡᠷ᠂ ᠶᠠᠰᠤ ᠰᠢᠷᠪᠦᠰᠦ ᠡᠪᠡᠳᠭᠦ ᠵᠡᠷᠭᠡ ᠶᠢ ᠵᠠᠰᠠᠨ᠎ᠠ᠃       50.ᠤᠯᠠᠭᠠᠨ ᠲᠤᠯᠤᠮ᠎ᠠ ︵ᠲᠦᠪᠡᠳ ᠢᠶᠠᠷ ᠦᠭᠴᠤᠢ ᠭᠡᠳᠡᠭ︶᠂ ︵角蒿︶ ᠪᠤᠯ ᠴᠤᠯᠤᠮᠠᠭᠠᠢ ᠵᠠᠭᠠᠷᠳᠤ ᠮᠤᠳᠤᠨ ᠤ ᠢᠵᠠᠭᠤᠷ᠂ ᠤᠯᠠᠭᠠᠨ ᠲᠤᠯᠤᠮ᠎ᠠ ᠶᠢᠨ ᠲᠦᠷᠦᠯ ᠤᠨ ᠨᠢᠭᠡ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠂ ᠴᠡᠴᠡᠭ ᠪᠦᠭᠦᠢ ᠡᠪᠡᠰᠦ ᠪᠤᠶᠤ ᠦᠷᠡᠯᠡᠭᠰᠡᠨ ᠡᠪᠡᠰᠦ ᠨᠢ ᠡᠮ ᠳᠤ ᠤᠷᠤᠨ᠎ᠠ᠃ ᠲᠤᠮᠳᠠ ᠴᠢᠭᠢᠨ ᠤ ᠥᠷᠪᠢᠰᠦᠯ᠂ ᠴᠢᠭᠢ ᠱᠤᠤᠭᠢᠬᠤ᠂ ᠬᠤᠭᠢᠨᠠᠭ ᠤᠨ ᠨᠤᠶᠢᠳᠠᠨ ᠪᠡᠷᠵᠢᠭᠡᠷ᠂ ᠦᠶ᠎ᠡ ᠭᠡᠰᠢᠭᠦᠦ ᠶᠢᠨ ᠰᠢᠷ᠎ᠠ ᠤᠰᠤᠨ ᠡᠪᠡᠳᠴᠢᠨ᠂ ᠶᠠᠷ᠎ᠠ ᠬᠠᠪᠤᠳᠠᠷ᠂ ᠭᠡᠪᠡᠯᠢ ᠭᠦᠭᠡᠭᠡᠭᠦ᠂ ᠰᠤᠳᠠᠯ ᠤᠨ ᠡᠪᠡᠳᠴᠢᠨ᠂ ᠰᠢᠷ᠎ᠠ ᠤᠰᠤᠨ ᠡᠪᠡᠳᠴᠢᠨ ᠢ ᠵᠠᠰᠠᠨ᠎ᠠ᠃      51.ᠪᠦᠳᠦᠨ᠎ᠡ ᠶᠢᠨ ᠰᠡᠭᠦᠯ ︵扁蓄︶ ᠪᠤᠯ ᠰᠢᠮᠡᠯᠳᠡᠭ ᠤᠨ ᠢᠵᠠᠭᠤᠷ᠂ ᠰᠢᠮᠡᠯᠳᠡᠭ ᠤᠨ ᠲᠦᠷᠦᠯ ᠤᠨ ᠨᠢᠭᠡ ᠨᠠᠰᠤᠳᠤ ᠡᠪᠡᠰᠦᠯᠢᠭ ᠤᠷᠭᠤᠮᠠᠯ ᠶᠤᠮ᠂ ᠭᠠᠵᠠᠷ ᠳᠡᠭᠡᠷᠡᠭᠢ ᠡᠪᠡᠰᠦ ᠨᠢ ᠡᠮ ᠳᠤ ᠤᠷᠤᠨ᠎ᠠ᠃ ᠰᠢᠭᠡᠰᠦᠨ ᠵᠠᠮ  ᠤᠨ ᠥᠷᠪᠢᠰᠦᠯ᠂ ᠲᠠᠪᠤᠰᠠᠩ ᠤᠨ ᠥᠷᠪᠢᠰᠦᠯ᠂ ᠴᠢᠰᠤ ᠪᠠᠷ ᠰᠢᠭᠡᠭᠦ᠂ ᠡᠯᠢᠭᠡᠨ ᠤ ᠰᠢᠷᠬᠠᠯᠠᠬᠤ ᠥᠷᠪᠢᠰᠦᠯ᠂ ᠶᠤᠯᠬᠤᠳᠠᠰᠤ᠂ ᠤᠮᠠᠢ ᠶᠢᠨ ᠬᠤᠷᠤᠬᠠᠢ ᠡᠪᠡᠳᠴᠢᠨ ᠢ ᠵᠠᠰᠠᠨ᠎ᠠ᠃      52.ᠲᠦᠯᠢ ᠮᠦᠭᠦ ︵马勃︶ ᠶᠢ ᠲᠦᠪᠡᠳ ᠢᠶᠠᠷ ᠷᠧᠱᠠᠮᠠᠩ ᠭᠡᠳᠡᠭ᠃ ᠲᠦᠯᠢ ᠮᠦᠭᠦ ᠶᠢᠨ ᠢᠵᠠᠭᠤᠷ᠂ ᠲᠦᠯᠢ ᠮᠦᠭᠦ ᠶᠢᠨ ᠲᠦᠷᠦᠯ ᠤᠨ ᠤᠷᠭᠤᠮᠠᠯ ᠪᠤᠯᠤᠨ᠎ᠠ᠃ ᠭᠠᠳᠠᠷ ᠰᠢᠷᠬ᠎ᠠ ᠠᠴᠠ ᠴᠢᠰᠤ ᠭᠠᠷᠬᠤ᠂ ᠴᠢᠰᠤ ᠪᠠᠷ ᠬᠠᠭᠢᠷᠬᠤ᠂ ᠴᠢᠰᠤ ᠪᠠᠷ ᠪᠦᠭᠡᠯᠵᠢᠭᠦ᠂ ᠬᠠᠮᠠᠷ ᠠᠴᠠ ᠴᠢᠰᠤ ᠭᠠᠷᠬᠤ᠂ ᠠᠭᠤᠰᠭᠢᠨ ᠬᠠᠯᠠᠭᠤᠨ ᠢᠶᠠᠷ ᠬᠠᠨᠢᠶᠠᠬᠤ᠂ ᠲᠠᠭᠤᠨ ᠬᠠᠭᠠᠭᠳᠠᠬᠤ᠂ ᠪᠠᠮᠪᠠᠢ ᠪᠤᠯᠴᠢᠷᠬᠠᠢ ᠶᠢᠨ ᠥᠷᠪᠢᠰᠦᠯ᠂ ᠬᠤᠭᠤᠯᠠᠢ ᠶᠢᠨ ᠥᠷᠪᠢᠰᠦᠯ᠂ ᠭᠠᠯ ᠳᠤ ᠬᠠᠯᠠᠭᠠᠭᠳᠠᠭᠰᠠᠨ ᠰᠢᠷᠬ᠎ᠠ᠂ ᠮᠤᠭᠠᠢ ᠳᠤ ᠬᠠᠳᠬᠤᠭᠳᠠᠭᠰᠠᠨ ᠵᠡᠷᠭᠡ ᠶᠢ ᠵᠠᠰᠠᠨ᠎ᠠ᠃      53.ᠰᠤᠶᠢᠬ᠎ᠠ ︵艾蒿︶ ᠪᠤᠯ ᠤᠳᠠᠪᠠᠯ᠎ᠠ ᠶᠢᠨ ᠢᠵᠠᠭᠤᠷ᠂ ᠰᠢᠷᠠᠯᠵᠢ ᠶᠢᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠮᠥᠨ᠂ ᠡᠰᠢ ᠪᠠ ᠨᠠᠪᠴᠢ ᠨᠢ ᠡᠮ ᠳᠤ ᠤᠷᠤᠨ᠎ᠠ᠃ ᠴᠢᠰᠤ ᠭᠠᠷᠬᠤ᠂ ᠰᠠᠷ᠎ᠠ ᠶᠢᠨ ᠭᠬᠢᠷ ᠳᠡᠭᠰᠢ ᠦᠭᠡᠢ᠂ ᠰᠠᠷ᠎ᠠ ᠶᠢᠨ ᠭᠬᠢᠷ ᠬᠤᠷᠢᠭᠳᠠᠬᠤ᠂ ᠤᠮᠠᠢ ᠠᠴᠠ ᠴᠢᠰᠤ ᠭᠠᠷᠬᠤ᠂ ᠴᠠᠭᠠᠨ ᠢᠶᠠᠷ ᠪᠠᠭᠤᠯᠭᠠᠬᠤ᠂ ᠦᠶ᠎ᠡ ᠭᠡᠰᠢᠭᠦᠦ ᠶᠢᠨ ᠬᠠᠪᠤᠳᠠᠷ᠂ ᠭᠡᠪᠡᠯᠢ ᠡᠪᠡᠳᠭᠦ᠂ ᠭᠡᠳᠡᠰᠦᠨ ᠤ ᠦᠷᠪᠢᠰᠦᠯ᠂ ᠶᠤᠯᠬᠤᠳᠠᠰᠤ᠂ ᠭᠦᠪᠦᠷᠡᠯ ᠭᠦᠳᠡᠯᠵᠤ ᠠᠮᠤᠷ ᠦᠭᠡᠢ᠂ ᠰᠢᠷ᠎ᠠ ᠰᠢᠭᠦᠰᠦᠳᠦ ᠶᠠᠷ᠎ᠠ᠂ ᠪᠡᠶ᠎ᠡ ᠵᠠᠭᠠᠳᠤᠨᠠᠬᠤ᠂ ᠴᠢᠨ᠋ᠸ᠎ᠠ ᠶᠢᠨ ᠭᠦᠷᠪᠡᠰᠢ ᠶᠢ ᠵᠠᠰᠠᠬᠤ ᠪᠦᠭᠡᠳ ᠲᠦᠭᠡᠨ᠎ᠡ ᠲᠠᠯᠪᠢᠬᠤ ᠳᠤ ᠭᠡᠷᠡᠭᠯᠡᠳᠡᠭ᠃ ᠲᠦᠪᠡᠳ ᠢᠶᠠᠷ ᠪᠠᠷᠠᠸ᠎ᠠ ᠴᠧᠸ᠎ᠠ ᠭᠡᠳᠡᠭ᠃       54.ᠮᠠᠨᠴᠢᠨ ︵草乌︶ ᠢ ᠲᠦᠪᠡᠳ ᠢᠶᠠᠷ ᠪᠤᠩ ᠠ ᠭᠡᠳᠡᠭ᠃ ᠬᠤᠯᠳᠤᠰᠤᠨ ᠴᠡᠴᠡᠭ‌‍ᠤᠨ ᠢᠵᠠᠭᠤᠷ᠂ ᠮᠠᠨᠴᠢᠨ ᠤ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠮᠥᠨ᠃ ᠰᠤᠶᠤᠭ᠎ᠠ᠂ ᠨᠠᠪᠴᠢ᠂ ᠴᠡᠴᠡᠭ᠂ ᠦᠨᠳᠦᠰᠦ  ᠨᠢ ᠡᠮ ᠳᠤ ᠤᠷᠤᠨ᠎ᠠ᠃ ᠦᠨᠳᠦᠰᠦ ᠨᠢ ᠨᠢᠶᠠᠨ ᠭᠢᠵᠢᠭ᠂ ᠬᠤᠶᠠᠩ᠂ ᠰᠢᠷ᠎ᠠ ᠤᠰᠤᠨ ᠡᠪᠡᠳᠴᠢᠨ᠂ ᠭᠠᠷ ᠭᠦᠯ ᠠᠳᠤᠷᠢᠬᠤ᠂ ᠦᠶ᠎ᠡ ᠭᠡᠰᠢᠭᠦᠦ ᠡᠪᠡᠳᠭᠦ᠂ ᠰᠠᠬᠤᠤ ᠪᠤᠭᠤᠮ᠎ᠠ᠂ ᠬᠤᠤᠷ᠎ᠠ‌‍ᠶᠢᠨ ᠬᠠᠯᠠᠭᠤᠨ᠂ ᠮᠡᠳᠡᠷᠡᠯ‌‍ᠤᠨ ᠡᠪᠡᠳᠴᠢᠨ᠂ ᠵᠢᠷᠦᠭᠡᠨ ᠭᠡᠢ‌‍ᠶᠢ ᠵᠠᠰᠠᠨ᠎ᠠ᠃ ᠰᠤᠶᠤᠭ᠎ᠠ᠂ ᠴᠡᠴᠡᠭ᠂ ᠨᠠᠪᠴᠢ ᠨᠢ ᠨᠢᠶᠠᠨ ᠬᠤᠷᠤᠬᠠᠢ᠂ ᠬᠠᠯᠠᠭᠤᠨ ᠡᠪᠡᠳᠴᠢᠨ‌ᠢ ᠵᠠᠰᠠᠨ᠎ᠠ᠃      55.ᠭᠢᠮ᠎ᠠ ︵苘麻︶ ᠶᠢ ᠪᠤᠯ ᠲᠦᠪᠡᠳ ᠢᠶᠠᠷ ᠰᠤᠮᠠᠷᠠᠽᠠ ᠭᠡᠳᠡᠭ᠃ ᠵᠤᠭᠤᠰᠤᠨ ᠴᠡᠴᠡᠭ ᠤᠨ ᠢᠵᠠᠭᠤᠷ ᠭᠢᠮ᠎ᠠ ᠶᠢᠨ ᠲᠦᠷᠦᠯ ᠤᠨ ᠨᠦᠭᠡ ᠨᠠᠰᠤᠳᠤ ᠡᠪᠡᠰᠦᠯᠢᠭ ᠤᠷᠭᠤᠮᠠᠯ ᠶᠤᠮ᠃ ᠰᠢᠷ᠎ᠠ ᠤᠰᠤᠨ ᠡᠪᠡᠳᠴᠢᠨ᠂ ᠠᠷᠠᠰᠤᠨ ᠡᠪᠡᠳᠴᠢᠨ᠂ ᠬᠤᠯᠤᠭᠠᠨ᠎ᠠ ᠶᠠᠷ᠎ᠠ᠂ ᠪᠡᠶ᠎ᠡ ᠵᠠᠭᠠᠳᠤᠨᠠᠬᠤ᠂ ᠨᠢᠱᠤᠭᠤ ᠭᠦᠪᠳᠦᠷᠦᠦ᠂ ᠶᠤᠯᠬᠤᠳᠠᠰᠤ᠂ ᠪᠠᠮ᠂ ᠬᠠᠪᠤᠳᠠᠷ᠂ ᠰᠢᠵᠢᠩ ᠡᠪᠡᠳᠴᠢᠨ᠂ ᠤᠰᠤᠨ ᠬᠠᠪᠤᠩ᠂ ᠰᠢᠭᠡᠰᠦ ᠬᠤᠷᠢᠭᠳᠠᠬᠤ᠂ ᠰᠦ ᠪᠠᠭᠤᠬᠤ ᠦᠭᠡᠢ ᠪᠠᠷ ᠴᠢᠨᠡᠭᠳᠡᠵᠤ ᠬᠠᠪᠤᠳᠴᠤ ᠡᠪᠡᠳᠭᠦ ᠵᠡᠷᠭᠡ ᠶᠢ ᠵᠠᠰᠠᠨ᠎ᠠ᠃       56.ᠭᠦᠷᠡᠩ ᠲᠦᠷᠦᠭᠦᠦ ︵地榆︶ ᠶᠢ ᠲᠦᠪᠡᠳ ᠢᠶᠠᠷ ᠴᠦᠴᠦ᠋ᠩᠸ᠎ᠠ ᠭᠡᠳᠡᠭ᠃ ᠴᠠᠩᠬᠤᠢ ᠶᠢᠨ ᠢᠵᠠᠭᠤᠷ᠂ ᠭᠦᠷᠡᠩ ᠲᠦᠷᠦᠭᠦᠦ ᠶᠢᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠶᠤᠮ᠃ ᠦᠨᠳᠦᠰᠦ ᠨᠢ ᠡᠮ ᠳᠤ ᠤᠷᠤᠨ᠎ᠠ᠃ ᠴᠢᠰᠤᠨ ᠬᠠᠯᠠᠭᠤᠨ᠂ ᠠᠭᠤᠰᠭᠢ ᠶᠢᠨ ᠰᠦᠷᠢᠶ᠎ᠡ ᠪᠠᠷ ᠴᠢᠰᠤ ᠲᠠᠢ ᠬᠠᠨᠢᠶᠠᠬᠤ᠂ ᠴᠢᠰᠤ ᠪᠠᠷ ᠪᠠᠭᠠᠬᠤ᠂ ᠴᠢᠰᠤ ᠪᠠᠷ ᠪᠦᠭᠡᠯᠵᠢᠭᠦ᠂ ᠴᠢᠰᠤ ᠲᠠᠢ ᠰᠢᠭᠡᠭᠦ᠂ ᠬᠠᠮᠠᠷ ᠠᠴᠠ ᠴᠢᠰᠤ ᠭᠠᠷᠬᠤ᠂ ᠤᠯᠠᠭᠠᠨ ᠶᠤᠯᠬᠤᠳᠠᠰᠤ᠂ ᠴᠢᠰᠤ ᠪᠠᠷ ᠪᠠᠭᠤᠯᠭᠠᠬᠤ᠂ ᠰᠠᠷ᠎ᠠ ᠶᠢᠨ ᠭᠬᠢᠷ ᠭᠡᠳᠦᠷᠡᠭᠦ᠂ ᠭᠠᠳᠠᠷ ᠰᠢᠷᠬ᠎ᠠ ᠠᠴᠠ ᠴᠢᠰᠤ ᠭᠠᠷᠬᠤ᠂ ᠭᠠᠯ ᠳᠤ ᠬᠠᠯᠠᠭᠠᠭᠳᠠᠭᠰᠠᠨ ᠰᠢᠷᠬ᠎ᠠ ᠵᠡᠷᠭᠡ ᠶᠢ ᠵᠠᠰᠠᠨ᠎ᠠ᠃      57.ᠭᠢᠮᠤᠰᠤᠨ ᠪᠤᠳᠤᠭ ᠴᠡᠴᠡᠭ ︵凤仙花︶ ᠪᠤᠯ ᠭᠢᠮᠤᠰᠤᠨ ᠪᠤᠳᠤᠭ ᠴᠡᠴᠡᠭ ᠤᠨ ᠢᠵᠠᠭᠤᠷ᠂ ᠭᠢᠮᠤᠰᠤᠨ ᠪᠤᠳᠤᠭ ᠴᠡᠴᠡᠭ ᠤᠨ ᠲᠦᠷᠦᠯ ᠤᠨ ᠨᠢᠭᠡ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠴᠡᠴᠡᠭ᠂ ᠦᠷ᠎ᠡ᠂ ᠪᠦᠭᠦᠯᠢ ᠡᠪᠡᠰᠦ ᠨᠢ ᠡᠮ ᠳᠤ ᠤᠷᠤᠨ᠎ᠠ᠃ ᠴᠡᠴᠡᠭ ᠨᠢ ᠰᠢᠭᠡᠰᠦ ᠬᠠᠭᠠᠭᠳᠠᠬᠤ᠂ ᠰᠠᠷ᠎ᠠ ᠶᠢᠨ ᠭᠬᠢᠷ ᠬᠤᠷᠢᠭᠳᠠᠬᠤ᠂ ᠭᠡᠪᠡᠯᠢ ᠡᠪᠡᠳᠭᠦ᠂ ᠭᠦᠩᠭᠡᠵᠢᠭᠰᠡᠨ ᠤ ᠰᠡᠭᠦᠯᠡᠷ ᠴᠢᠰᠤ ᠪᠦᠷᠢᠯᠳᠦᠭᠦ ᠵᠡᠷᠭᠡ ᠶᠢ ᠵᠠᠰᠠᠨ᠎ᠠ᠃ ᠦᠷ᠎ᠡ ᠨᠢ ᠰᠠᠷ᠎ᠠ ᠶᠢᠨ ᠭᠬᠢᠷ ᠬᠤᠷᠢᠭᠳᠠᠬᠤ᠂ ᠪᠡᠷᠭᠡ ᠭᠦᠩᠭᠡᠵᠢᠯᠳᠡ᠂ ᠭᠡᠪᠡᠯᠢ ᠶᠢᠨ ᠪᠡᠳᠡᠭᠢ ᠶᠢ ᠵᠠᠰᠠᠨ᠎ᠠ᠃ ᠪᠦᠭᠦᠯᠢ ᠡᠪᠡᠰᠦ ᠨᠢ ᠦᠶ᠎ᠡ ᠭᠡᠰᠢᠭᠦᠦ  ᠶᠢᠨ ᠰᠢᠷ᠎ᠠ ᠤᠰᠤᠨ ᠡᠪᠡᠳᠴᠢᠨ᠂ ᠤᠶᠢᠴᠢᠵᠤ ᠲᠤᠰᠤᠭᠰᠠᠨ ᠢᠶᠠᠷ ᠬᠠᠪᠤᠳᠴᠤ ᠡᠪᠡᠳᠭᠦ᠂ ᠬᠠᠪᠤᠳᠠᠷ ᠶᠠᠷ᠎ᠠ᠂ ᠮᠤᠭᠠᠢ ᠬᠠᠳᠬᠤᠭᠰᠠᠨ ᠰᠢᠷᠬ᠎ᠠ ᠶᠢ ᠵᠠᠰᠠᠨ᠎ᠠ᠃      58.ᠲᠠᠯᠠᠨ ᠲᠦᠷᠦᠭᠦᠦ ︵瑞香狼毒︶ ᠶᠢ ᠲᠦᠪᠡᠳ ᠢᠶᠠᠷ ᠷᠧᠵᠠᠭ ᠭᠡᠳᠡᠭ᠃ ᠪᠢᠯᠢᠭᠳᠦ ᠴᠡᠴᠡᠭ  ᠤᠨ ᠢᠵᠠᠭᠤᠷ᠂ ᠲᠠᠯᠠᠨ ᠲᠦᠷᠦᠭᠦᠦ ᠶᠢᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠦᠨᠳᠦᠰᠦ ᠨᠢ ᠡᠮ ᠳᠤ ᠤᠷᠤᠨ᠎ᠠ᠃ ᠬᠠᠪᠤᠳᠠᠷ᠂ ᠯᠢᠨᠪᠠ ᠶᠢᠨ ᠵᠠᠩᠭᠢᠯᠠᠭ᠎ᠠ ᠶᠢᠨ ᠰᠦᠷᠢᠶ᠎ᠡ᠂ ᠶᠠᠰᠤᠨ ᠤ ᠰᠦᠷᠢᠶ᠎ᠡ᠂ ᠴᠠᠬᠠᠯᠠᠢ᠂ ᠢᠯᠢᠳᠦ᠂ ᠬᠠᠮᠠᠭᠤ᠂ ᠨᠢᠶᠠᠨ ᠡᠪᠡᠳᠴᠢᠨ᠂ ᠮᠢᠬ᠎ᠠ ᠢᠯᠵᠠᠷᠠᠬᠤ᠂ ᠰᠢᠷᠬᠠᠯᠠᠭ᠎ᠠ ᠶᠢ ᠵᠠᠰᠠᠬᠤ ᠳᠤ ᠭᠡᠷᠡᠭᠯᠡᠨ᠎ᠡ᠃ ᠤᠨᠴᠠ ᠬᠤᠣᠷ ᠲᠠᠢ ᠡᠮ ᠶᠤᠮ᠃       59.ᠲᠦᠷᠪᠡᠯᠵᠢ ᠡᠪᠡᠰᠦ ︵益母草︶ ᠪᠤᠯ ᠤᠷᠤᠭᠤᠯ ᠬᠡᠯᠪᠡᠷᠢᠲᠦ ᠴᠡᠴᠡᠭ ᠤᠨ ᠢᠵᠠᠭᠤᠷ᠂ ᠲᠦᠷᠪᠡᠯᠵᠢ ᠡᠪᠡᠰᠦᠨ ᠤ ᠲᠦᠷᠦᠯ ᠤᠨ ᠨᠢᠭᠡ ᠨᠠᠰᠤᠳᠤ ᠪᠤᠶᠤ ᠬᠤᠶᠠᠷ ᠨᠠᠰᠤᠳᠤ ᠡᠪᠡᠰᠦᠯᠢᠭ ᠤᠷᠭᠤᠮᠠᠯ ᠮᠥᠨ᠃ ᠭᠠᠵᠠᠷ ᠲᠡᠭᠡᠷᠡᠭᠢ ᠡᠪᠡᠰᠦ ᠪᠤᠯᠤᠨ ᠦᠷ᠎ᠡ ᠨᠢ ᠡᠮ ᠳᠤ ᠤᠷᠤᠨ᠎ᠠ᠃ ᠡᠪᠡᠰᠦ ᠨᠢ ᠰᠠᠷ᠎ᠠ ᠶᠢᠨ ᠭᠬᠢᠷ ᠳᠡᠭᠰᠢ ᠦᠭᠡᠢ᠂ ᠭᠦᠩᠭᠡᠵᠢᠭᠰᠡᠨ ᠬᠤᠶᠢᠨ᠎ᠠ ᠭᠡᠪᠡᠯᠢ ᠡᠪᠡᠳᠭᠦ᠂ ᠤᠮᠠᠢ ᠠᠴᠠ ᠴᠢᠰᠤ ᠭᠠᠷᠬᠤ᠂ ᠭᠦᠭᠦᠨ ᠤ ᠦᠷᠪᠢᠰᠦᠯ᠂ ᠲᠦᠷᠭᠡᠨ ᠴᠢᠨᠠᠷᠳᠠᠢ ᠪᠦᠭᠡᠷᠡᠨ ᠦᠷᠪᠢᠰᠦᠯ᠂ ᠭᠠᠯ ᠬᠠᠪᠤᠳᠠᠷ᠂ ᠬᠠᠳᠠᠭᠢ ᠶᠢ ᠵᠠᠰᠠᠨ᠎ᠠ᠃ ᠦᠷ᠎ᠡ ᠨᠢ ᠴᠢᠰᠤᠨ ᠲᠠᠷᠤᠯᠳᠠ ᠦᠨᠳᠦᠷ᠂ ᠨᠢᠳᠦᠨ ᠤ ᠰᠠᠯᠢᠰᠤᠳᠤ ᠪᠦᠷᠭᠦᠪᠴᠢ ᠶᠢᠨ ᠦᠷᠪᠢᠰᠦᠯ᠂ ᠡᠪᠡᠷᠯᠢᠭ ᠪᠦᠷᠭᠦᠪᠴᠢ ᠶᠢᠨ ᠦᠷᠪᠢᠰᠦᠯ ᠢ ᠵᠠᠰᠠᠨ᠎ᠠ᠃      60.ᠵᠡᠭᠡᠷᠡᠨ ᠰᠢᠷ᠎ᠠ ︵北柴胡︶ ᠪᠤᠯ ᠰᠢᠭᠦᠷ ᠭᠡᠯᠪᠡᠷᠢᠳᠦ ᠴᠡᠴᠡᠭ ᠤᠨ ᠢᠵᠠᠭᠤᠷ᠂ ᠵᠡᠭᠡᠷᠡᠨ ᠰᠢᠷ᠎ᠠ  ᠶᠢᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠦᠨᠳᠦᠰᠦ ᠨᠢ ᠡᠮ ᠳᠤ ᠤᠷᠤᠨ᠎ᠠ᠃ ᠡᠯᠢᠭᠡᠨ  ᠤ ᠦᠷᠪᠢᠰᠦᠯ᠂ ᠴᠡᠭᠡᠵᠢ ᠲᠦᠭᠦᠷᠡᠭᠦ᠂ ᠬᠠᠪᠢᠷᠭ᠎ᠠ ᠬᠠᠳᠬᠤᠯᠠᠬᠤ᠂ ᠰᠠᠷ᠎ᠠ ᠶᠢᠨ ᠭᠬᠢᠷ ᠳᠡᠭᠰᠢ ᠦᠭᠡᠢ᠂ ᠬᠤᠳᠤᠭᠤᠳᠤ ᠤᠨᠵᠠᠶᠢᠭᠰᠠᠨ᠂ ᠰᠠᠪᠠ ᠤᠨᠵᠠᠶᠢᠭᠰᠠᠨ ᠱᠦᠯᠭᠦᠭᠡ ᠡᠪᠡᠳᠴᠢᠨ ᠵᠡᠷᠭᠡ ᠶᠢ ᠵᠠᠰᠠᠨ᠎ᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号