ᠠᠵᠢᠯ ᠠᠮᠢᠳᠤᠷᠠᠯ ᠤᠨ ᠠᠷᠪᠠᠨ ᠬᠤᠶᠠᠷ ᠰᠠᠨᠠᠭᠤᠯᠤᠮᠵᠢ
ᠨᠡᠶᠢᠲᠡᠯᠡᠭᠰᠡᠨ ᠴᠠᠭ᠄
2023/12/25
     1. ᠶᠠᠮᠠᠷ ᠨᠢᠭᠡᠨ ᠠᠵᠢᠯ ᠦᠢᠯᠡᠰ ᠢ ᠬᠢᠵᠤ ᠪᠦᠳᠦᠭᠡᠬᠦ ᠪᠠᠷ ᠪᠤᠳᠤᠵᠤ ᠤᠯᠤᠭᠰᠠᠨ ᠪᠤᠯ ᠲᠡᠭᠦᠨ ᠤᠷᠤᠭᠤ  ᠪᠠᠨ ᠵᠢᠳᠭᠦᠵᠤ ᠶᠠᠪᠤ᠂ ᠪᠢᠳᠡᠬᠡᠢ ᠤᠳᠠᠭᠠᠰᠢᠷᠠ︕      2. ᠶᠠᠮᠠᠷ ᠴᠤ ᠠᠵᠢᠯ ᠬᠢᠳᠡᠯ ᠦᠭᠡᠢ ᠪᠤᠶᠤ ᠶᠠᠭᠤ ᠴᠤ ᠦᠵᠡᠵᠤ ᠰᠤᠨᠤᠰᠤᠯ ᠦᠭᠡᠢ ᠪᠠᠷ ᠡᠳᠤᠷ ᠬᠤᠨᠤᠭ ᠢ ᠪᠢᠳᠡᠬᠡᠢ ᠦᠡᠭᠭᠡᠷᠡᠭᠦᠯ︕      3. ᠪᠤᠰᠤᠳ ᠤᠨ ᠬᠢᠵᠤ ᠴᠢᠳᠠᠭᠰᠠᠨ᠂ ᠪᠤᠰᠤᠳ ᠤᠨ ᠰᠤᠷᠤᠭᠰᠠᠨ ᠢ ᠪᠢ ᠴᠤ ᠰᠤᠷᠴᠤ ᠴᠢᠳᠠᠨ᠎ᠠ ᠭᠡᠵᠤ ᠵᠤᠷᠢᠭᠯᠠ᠂ ᠪᠡᠶ᠎ᠡ ᠪᠠᠨ ᠪᠤᠤ ᠭᠤᠯᠤ︕      4. ᠬᠡᠵᠢᠶᠡᠳᠡ ᠠᠮᠢᠳᠤᠷᠠᠯ ᠳᠠᠭᠠᠨ ᠤᠷᠤᠭᠰᠢ ᠪᠠᠨ ᠵᠢᠳᠭᠦᠵᠤ ᠪᠠᠢ᠂ ᠪᠤᠤ ᠨᠠᠵᠠᠭᠠᠶᠢᠷᠠ︕      5. ᠬᠢᠵᠤ ᠪᠦᠳᠦᠭᠡᠬᠦ ᠶᠠᠭᠤᠮᠠᠨ ᠳᠤ ᠬᠦᠯᠢᠶᠡᠵᠤ ᠰᠠᠭᠠᠳᠠᠬᠤ ᠶᠢ ᠴᠡᠭᠡᠷᠯᠡ︕ ᠰᠢᠭᠤᠳ ᠭᠠᠷᠳᠠ︕      6. ᠴᠠᠭ ᠢᠮᠠᠭᠳᠠ ᠪᠤᠰᠤᠳ ᠤᠨ ᠲᠦᠯᠦᠭᠡ ᠪᠤᠳᠤᠯᠬᠢᠯᠠ︕ ᠠᠮᠢᠨᠴᠢᠷ ᠪᠤᠳᠤᠯ ᠢ ᠲᠡᠪᠴᠢ︕      7. ᠬᠦᠳᠡᠯᠮᠤᠷᠢ ᠶᠢ ᠡᠷᠬᠢᠮ ᠳᠤ ᠦᠵᠡ᠂ ᠪᠤᠰᠤᠳ ᠤᠨ ᠬᠦᠳᠡᠯᠮᠤᠷᠢ ᠶᠢ ᠬᠦᠨᠳᠦᠳᠭᠡ︕        8. ᠭᠠᠷ ᠬᠦᠯ᠂ ᠲᠠᠷᠢᠬᠢ ᠲᠤᠯᠤᠭᠠᠢ ᠪᠠᠨ ᠵᠡᠷᠭᠡ ᠲᠤᠨᠢ ᠬᠦᠳᠡᠯᠭᠡ︕ ᠪᠤᠤ ᠠᠯᠵᠠᠭᠤᠷᠠ︕        9. ᠡᠷᠬᠢᠯᠡᠭᠰᠡᠨ ᠠᠵᠢᠯ ᠦᠢᠯᠡᠰ ᠲᠡᠭᠡᠨ ᠤᠷᠬᠢᠯᠤᠮ᠎ᠠ ᠬᠠᠯᠠᠭᠤᠨ ᠬᠠᠶᠢᠷ᠎ᠠ ᠰᠡᠳᠬᠢᠯᠭᠡ ᠲᠠᠢ ᠪᠠᠶᠢᠭᠠᠷᠠᠢ︕        10. ᠪᠤᠰᠤᠳ ᠢ ᠢᠯᠠᠨ ᠲᠠᠪᠠᠶ᠎ᠠ ᠭᠡᠪᠡᠯ ᠦᠪᠡᠷ ᠢ ᠪᠠᠨ ᠢᠯᠠᠨ ᠲᠠᠪᠠᠵᠤ ᠰᠤᠷ︕        11. ᠵᠦᠢ ᠵᠤᠬᠢᠰᠳᠠᠢ ᠦᠷᠢᠰᠦᠯᠳᠤᠭᠡᠨ ᠢ ᠡᠷᠬᠢᠮᠯᠡᠵᠦ ᠠᠳᠤᠭ᠎ᠠ ᠵᠢᠳᠤᠭᠡ᠂ ᠬᠤᠤᠷ ᠰᠠᠨᠠᠭ᠎ᠠ ᠶᠢ ᠲᠡᠪᠴᠢ︕      12. ᠪᠤᠳᠤᠵᠤ ᠭᠠᠷᠪᠠᠯ ᠢᠳᠡᠵᠤ ᠬᠦᠷᠤᠨ᠎ᠡ ᠬᠡᠳᠡᠭ ᠲᠤ ᠢᠳᠡᠭᠡᠵᠤ ᠠᠵᠢᠯᠯᠠᠵᠤ ᠯᠡ ᠴᠢᠳᠠᠪᠠᠯ ᠠᠮᠢᠳᠤᠷᠠᠵᠤ ᠴᠢᠳᠠᠨ᠎ᠠ︕
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号