ᠬᠠᠯᠢᠮᠤ ᠨᠢ ᠶᠠᠭᠤᠨ ᠳᠤ ︽ᠳᠠᠭᠤᠤ ᠳᠠᠭᠤᠯᠠᠳᠠᠭ︾ ᠪᠤᠢ︖
ᠨᠡᠶᠢᠲᠡᠯᠡᠭᠰᠡᠨ ᠴᠠᠭ᠄
2023/12/11
     ᠳᠡᠮᠡᠬᠡᠨ ᠨᠢᠷᠤᠭᠤᠳᠤ ᠬᠠᠯᠢᠮᠤ ᠨᠢ ᠡᠯ᠎ᠠ ᠶᠡᠭᠡ ᠳᠠᠯᠠᠢ ᠪᠠᠷ ᠵᠢᠭᠳᠡ ᠪᠠᠷ ᠳᠠᠷᠬᠠᠵᠤ ᠪᠠᠶᠢᠳᠠᠭ᠃ ᠳᠡᠬᠦᠨ ᠤ ᠪᠡᠶ᠎ᠠ  ᠨᠢ ᠤᠬᠤᠷ᠂ ᠳᠤᠯᠤᠭᠠᠢ ᠨᠢ ᠶᠡᠭᠡ᠂ ᠪᠡᠶ᠎ᠠ ᠶᠢᠨ ᠤᠷᠳᠤ ᠨᠢ ᠪᠠᠷᠤᠭ ᠠᠷᠪᠠᠭᠠᠳ ᠮᠧᠲᠷ ᠤᠷᠳᠤ᠂ ᠳᠠᠯᠠᠪᠴᠢ ᠶᠢᠨ ᠤᠷᠳᠤ ᠨᠢ ᠪᠠᠷᠤᠭ ᠳᠦᠷᠪᠡᠨ ᠮᠧᠲᠷ ᠤᠷᠳᠤ ᠪᠠᠶᠢᠵᠦ᠂ ᠪᠡᠶ᠎ᠠ ᠶᠢᠨ ᠭᠠᠳᠠᠷᠭᠤ ᠨᠢ ᠬᠦᠷᠡᠩ ᠡᠷᠢᠶᠡᠨ ᠪᠠᠶᠢᠳᠠᠭ᠃      ᠳᠡᠮᠡᠬᠡᠨ ᠨᠢᠷᠤᠭᠤᠳᠤ ᠬᠠᠯᠢᠮᠤ ᠨᠢ ᠪᠤᠰᠤᠳ ᠬᠠᠯᠢᠮᠤ ᠲᠠᠢ ᠠᠳᠠᠯᠢ ᠪᠠᠷ ᠵᠢᠯ ᠪᠦᠷᠢ ᠶᠢᠨ ᠵᠤᠨ ᠪᠤᠯᠪᠠᠯ ᠴᠦᠮ ᠡᠮᠤᠨᠡᠳᠤ ᠳᠤᠶᠢᠯ ᠳᠤ ᠬᠦᠷᠴᠤ ᠢᠳᠡᠰᠢ ᠡᠷᠢᠳᠡᠭ ᠪᠢᠯᠡ᠃ ᠳᠡᠳᠡ ᠡᠮᠤᠨᠡᠳᠤ ᠳᠤᠶᠢᠯ ᠳᠤ ᠶᠠᠪᠤᠬᠤ ᠠᠶᠠᠨ ᠤ ᠳᠤᠮᠳᠠ  ᠪᠠᠨ ᠪᠠᠷᠤᠭ ᠶᠠᠪᠠ ᠰᠢᠭ᠋ ᠨᠤᠮᠤᠬᠠᠨ ᠪᠠᠶᠢᠵᠦ᠂ ᠦᠴᠦᠬᠡᠨ ᠴᠦ ᠴᠢᠮᠡᠭᠡ ᠨᠠᠶᠢᠷ ᠦᠭᠡᠢ ᠪᠤᠯᠪᠠᠴᠤ ᠳᠡᠳᠡ ᠬᠠᠷᠢᠨ ᠤᠮᠠᠷᠠᠳᠤ ᠳᠤᠶᠢᠯ ᠤᠨ ᠤᠷᠤᠨ ᠠᠴᠠ ᠬᠠᠯᠠᠭᠤᠨ ᠪᠦᠰᠡᠨ ᠳᠤ ᠰᠢᠯᠵᠢᠨ ᠦᠷᠡᠵᠢᠬᠦ ᠪᠠᠷ ᠪᠤᠴᠠᠬᠤ ᠳᠠᠭᠠᠨ ᠬᠠᠮᠳᠤ  ᠪᠠᠷ ᠶᠡᠬᠡᠯ᠎ᠠ ᠨᠠᠷᠬᠢᠶᠠᠨ ᠳᠡᠪᠵᠢᠶᠡᠨ ᠲᠠᠢ ᠱᠤᠤᠬᠢᠵᠦ ︽ᠳᠠᠭᠤᠤ ᠳᠠᠭᠤᠯᠠᠳᠠᠭ︾ ᠶᠤᠮ᠃ ᠳᠡᠮᠡᠬᠡᠨ ᠨᠢᠷᠤᠭᠤᠳᠤ ᠬᠠᠯᠢᠮᠤ  ᠶᠢᠨ ︽ᠭᠠᠳᠠᠩ ᠭᠠᠳᠠᠩ︾ ᠭᠡᠬᠦ ᠳᠠᠭᠤᠨ ᠶᠠᠭ ᠳᠡᠮᠤᠷ ᠭᠠᠷᠠᠬ᠎ᠠ ᠶᠢ ᠬᠠᠷᠢᠯᠴᠠᠨ ᠬᠠᠪᠢᠷᠢᠯᠳᠤᠨ ᠳᠤᠤᠭᠠᠷᠭᠠᠵᠤ ᠪᠠᠶᠢᠬᠤ ᠮᠡᠳᠤ ︽ᠳ᠋ᠢᠩᠭᠠᠷ ᠳ᠋ᠢᠩᠭᠠᠷ︾ ᠬᠡᠬᠦ ᠳᠠᠭᠤᠨ ᠡᠬᠦᠰᠴᠤ᠂ ᠠᠯᠤᠰ ᠠᠴᠠ ᠰᠤᠨᠤᠰᠬᠤ ᠳᠤ ᠬᠡᠯᠡᠯᠬᠡᠨ ᠦᠭᠡᠢ ᠬᠦᠮᠦᠰ ᠤᠨ ᠳᠠᠭᠤᠤ ᠬᠦᠭᠵᠢᠮ ᠤᠨ ᠮᠡᠳᠤ ᠳᠡᠶᠢᠮᠤ ᠴᠢᠬᠢᠨ ᠳᠤ ᠠᠶᠠᠳᠠᠢ ᠪᠢᠰᠢ ᠪᠤᠯᠪᠠᠴᠤ᠂ ᠬᠠᠷᠢᠨ ᠪᠤᠰᠤᠳ ᠠᠮᠢᠳᠠᠨ ᠤ ᠳᠠᠭᠤ ᠲᠠᠢ ᠠᠳᠠᠯᠢᠳᠬᠠᠪᠠᠯ ᠦᠨᠡᠬᠡᠷ ᠨᠠᠷᠬᠢᠶᠠᠨ ᠬᠦᠭᠵᠢᠶᠡᠨ ᠲᠠᠢ ᠳᠠᠭᠤᠤ ᠪᠤᠯᠤᠨ᠎ᠠ᠃ ᠡᠨᠡ ᠨᠢ ᠵᠦᠪᠬᠡᠨ ᠳᠡᠮᠡᠬᠡᠨ ᠨᠢᠷᠤᠭᠤᠳᠤ ᠬᠠᠯᠢᠮᠤ ᠯᠠ ᠡᠶᠢᠮᠤ ᠪᠢᠰᠢ᠂ ᠪᠠᠷᠤᠭ ᠳᠠᠯᠠᠢ ᠳᠤ ᠠᠮᠢᠳᠤᠷᠠᠵᠤ ᠪᠦᠬᠦᠢ ᠠᠯᠢ ᠤᠯᠠᠨ ᠵᠤᠶᠢᠯ ᠤᠨ ᠬᠠᠯᠢᠮᠤ ᠨᠤᠭᠤᠳ ᠪᠠᠷᠤᠭ ᠪᠦᠷ ᠯᠠ  ᠢᠩᠭᠢᠵᠦ ᠳᠠᠭᠤᠯᠠᠳᠠᠭ ᠶᠤᠮ᠃ ᠡᠨᠡ ᠬᠦ ᠳᠠᠭᠤᠤ ᠶᠢ ᠨᠢ ᠠᠯᠤᠰ  ᠠᠴᠠ ᠰᠤᠨᠣᠰᠬᠤ ᠳᠤ ᠦᠨᠳᠦᠷ ᠪᠤᠭᠤᠨᠢ᠂ ᠤᠷᠳᠤ ᠤᠬᠤᠷ᠂ ᠬᠤᠷᠳᠤᠨ ᠤᠳᠠᠭᠠᠨ ᠤ ᠠᠶᠢᠵᠠᠮ ᠴᠤᠬᠢᠯᠭ᠎ᠠ ᠪᠦᠬᠦᠢ ᠬᠤᠪᠢᠷᠠᠯᠳᠠ ᠲᠠᠢ ᠪᠠᠶᠢᠳᠠᠭ ᠶᠤᠮ᠃      ᠳᠡᠭᠡᠪᠡᠯ᠂ ᠡᠳᠡᠭᠡᠷ ᠬᠠᠯᠢᠮᠤ ᠨᠤᠭᠤᠳ ᠶᠠᠭᠠᠬᠢᠭᠠᠳ ᠳᠠᠭᠤᠤ ᠳᠠᠭᠤᠯᠠᠳᠠᠭ ᠪᠤᠢ ᠬᠡᠪᠡᠯ ᠡᠨᠡ ᠠᠰᠠᠭᠤᠯᠳᠠ ᠳᠤ ᠬᠦᠮᠦᠰ ᠶᠡᠷᠤ ᠨᠢ ᠳᠡᠶᠢᠮᠤ ᠬᠦᠨ ᠳᠠᠨᠢᠯᠳᠠ ᠦᠭᠡᠢ ᠪᠢᠯᠡ᠃ ᠬᠠᠯᠢᠮᠤ ᠨᠤᠭᠤᠳ ᠨᠢ ᠵᠦᠪᠬᠡᠨ ᠳᠡᠬᠦᠨ ᠤ ᠦᠵᠡᠯᠳᠡ  ᠶᠢᠨ ᠱᠠᠳᠤᠨ ᠳᠠᠭᠠᠨ ᠤᠷᠤᠪᠠᠯ ᠰᠠᠶ᠋ᠢ ᠳᠠᠭᠤᠤ ᠳᠠᠭᠤᠯᠠᠳᠠᠭ ᠶᠤᠮ᠃ ᠵᠠᠷᠢᠮ ᠳᠠᠭᠠᠨ ᠳᠡᠳᠡ ᠪᠠᠰᠠ ᠲᠠᠭᠤᠤ ᠳᠠᠭᠤᠯᠠᠬᠤ ᠶᠢᠨ ᠬᠠᠮᠲᠤ ᠳᠠᠯᠠᠢ ᠶᠢᠨ ᠳᠠᠪᠠᠯᠭᠠᠨ ᠢ ᠰᠦᠷᠦᠨ ᠤᠮᠪᠠᠵᠤ᠂ ᠳᠤᠳᠤᠷ᠎ᠠ ᠪᠠᠨ ᠶᠡᠬᠡᠯ᠎ᠠ ᠰᠡᠳᠬᠢᠯ ᠬᠠᠨᠤᠮᠵᠢᠳᠠᠢ ᠪᠠᠷ ᠪᠠᠶᠠᠷ ᠪᠠᠶᠠᠰᠬᠤᠯᠠᠩ ᠲᠠᠢ ᠪᠠᠷ ᠶᠠᠪᠤᠳᠠᠭ ᠶᠣᠮ᠃ ᠡᠨᠡ ᠬᠦ ᠪᠠᠶᠢᠳᠠᠯ ᠠᠴᠠ ᠨᠢ ᠵᠠᠷᠢᠮ ᠰᠢᠨᠵᠢᠯᠡᠬᠦ ᠤᠬᠠᠭᠠᠨᠳᠠᠳ ᠤᠨ ᠵᠤᠶᠢᠴᠢᠯᠡᠨ ᠳᠠᠭᠠᠮᠠᠭᠯᠠᠬᠤ ᠪᠠᠷ ᠬᠠᠯᠢᠮᠤ ᠶᠢᠨ ᠢᠡᠭᠭᠢᠵᠦ ᠳᠠᠭᠤᠤ ᠳᠠᠭᠤᠯᠠᠬᠤ ᠨᠢ ᠶᠠᠭ ᠰᠢᠪᠠᠭᠤ  ᠲᠠᠢ ᠠᠳᠠᠯᠢ ᠪᠠᠷ ᠨᠢᠬᠡ ᠳᠠᠯ᠎ᠠ ᠪᠠᠷ ᠳᠠᠭᠤᠯᠠᠬᠤ ᠪᠠᠷ ᠳᠡᠮᠵᠢᠨ᠂ ᠨᠦᠬᠦᠬᠡ ᠪᠡᠯᠬᠡᠳᠡᠨ ᠠᠴᠠ ᠪᠠᠨ ᠬᠠᠶᠢᠷ᠎ᠠ ᠭᠤᠶᠤᠵᠤ᠂ ᠳᠤᠬᠢᠶ᠎ᠠ ᠴᠢᠮᠡᠭᠡ ᠭᠠᠷᠭᠠᠨ᠂ ᠪᠠᠰᠠ ᠪᠤᠰᠤᠳ ᠪᠡᠯᠬᠡᠳᠡᠨ ᠠᠴᠠ ᠵᠤᠬᠢᠬᠤ ᠬᠡᠮᠵᠢᠶᠠᠨ ᠤ ᠵᠠᠢ ᠲᠠᠢ ᠪᠠᠶᠢᠬᠤ ᠶᠢ ᠪᠠᠷᠢᠮᠳᠠᠯᠠᠵᠤ᠂ ᠳᠡᠬᠡᠵᠦ ᠤᠶᠢᠷ᠎ᠠ ᠬᠠᠪᠢ ᠳᠤᠨᠢ ᠤᠴᠢᠬᠤ ᠦᠭᠡᠢ ᠪᠠᠶᠢᠳᠠᠭ᠃ ᠪᠠᠰᠠ ᠵᠠᠷᠢᠮ ᠠᠮᠢᠳᠤ ᠪᠤᠳᠠᠰ ᠤᠨ ᠤᠬᠠᠭᠠᠨᠳᠠᠳ ᠤᠨ ᠦᠵᠡᠬᠦ ᠪᠠᠷ ᠬᠠᠯᠢᠮᠤ ᠶᠢᠨ ᠢᠡᠭᠭᠢᠵᠦ ᠳᠠᠭᠤᠤ ᠳᠠᠭᠤᠯᠠᠬᠤ ᠨᠢ ᠳᠡᠳᠡ ᠨᠡᠷ ᠬᠤᠭᠤᠷᠤᠨᠳᠤ ᠪᠠᠨ ᠴᠢᠮᠡᠭᠡ ᠵᠠᠩᠭᠢ ᠳᠤᠭᠤᠯᠳᠤᠵᠤ᠂ ᠬᠠᠮᠢᠭ᠎ᠠ ᠴᠤᠬᠤᠮ ᠢᠳᠡᠵᠦ ᠪᠤᠯᠤᠮᠠᠷ ᠵᠢᠭᠠᠰᠤ ᠵᠢᠷᠠᠭᠠᠬᠠᠢ ᠪᠠᠶᠢᠬᠤ ᠶᠢ ᠬᠠᠷᠢᠯᠴᠠᠨ ᠬᠡᠯᠡᠯᠴᠡᠵᠦ ᠪᠠᠶᠢᠨ᠎ᠠ ᠬᠡᠳᠡᠭ᠃ ᠪᠠᠰᠠ ᠵᠠᠷᠢᠮ ᠠᠮᠢᠳᠤ ᠪᠤᠳᠠᠰ ᠤᠨ ᠤᠬᠠᠭᠠᠨᠳᠠᠳ ᠤᠨ ᠦᠵᠡᠬᠦ ᠪᠠᠷ ᠬᠠᠯᠢᠮᠤ ᠶᠢᠨ ᠢᠡᠭᠭᠢᠵᠦ ᠳᠠᠭᠤᠤ ᠳᠠᠭᠤᠯᠠᠬᠤ ᠨᠢ ᠳᠡᠳᠡᠨ ᠤ ᠬᠤᠭᠤᠷᠤᠨᠳᠤ ᠪᠠᠨ ᠬᠠᠷᠢᠴᠠᠭ᠎ᠠ ᠬᠤᠯᠪᠤᠭ᠎ᠠ ᠠᠪᠴᠤ ᠳᠡᠳᠡᠭᠡᠷ ᠨᠡᠯᠡᠭᠡᠷ ᠶᠡᠭᠡ ᠳᠠᠯᠠᠢ ᠳᠡᠬᠡᠷ᠎ᠠ ᠳᠠᠷᠠᠬᠠᠢ ᠪᠤᠳᠠᠷᠬᠠᠢ ᠪᠠᠶᠢᠬᠤ ᠬᠠᠯᠢᠮᠤ ᠨᠤᠭᠤᠳ ᠲᠠᠢ ᠪᠠᠨ ᠬᠠᠷᠢᠯᠴᠠᠨ ᠳᠤᠬᠢᠶ᠎ᠠ ᠠᠪᠴᠤ᠂ ᠬᠠᠷᠢᠯᠴᠠᠨ ᠪᠦᠯᠬᠦᠮᠳᠡᠨ ᠨᠢᠬᠳᠠᠷᠠᠪᠠᠯ ᠰᠠᠶ᠋ᠢ ᠳᠡᠳᠡᠨ ᠤ ᠬᠤᠭᠤᠷᠤᠨᠳᠤ ᠪᠠᠨ ᠨᠢᠬᠳᠠ ᠬᠠᠷᠢᠴᠠᠭ᠎ᠠ ᠲᠠᠢ ᠪᠠᠷ ᠬᠠᠷᠢᠯᠴᠠᠨ ᠳᠠᠶᠢᠰᠤᠩᠨᠠᠬᠤ ᠡᠳᠡᠭᠡᠳ ᠦᠭᠡᠢ ᠪᠠᠷ ᠤᠯᠠᠮ ᠰᠠᠶᠢᠨ ᠠᠵᠤ ᠲᠦᠷᠦᠵᠦ ᠤᠷᠤᠰᠢᠨ ᠠᠮᠢᠳᠤᠷᠠᠨ᠎ᠠ ᠬᠡᠳᠡᠭ ᠶᠤᠮ᠃      ᠳᠡᠶᠢᠮᠤ ᠪᠤᠯ ᠡᠳᠡᠭᠡᠷ ᠬᠠᠯᠢᠮᠤ ᠨᠤᠭᠤᠳ ᠨᠢ ᠠᠳᠠᠯᠢ ᠪᠤᠰᠤ ᠶᠢᠨ ᠳᠠᠭᠤᠤ ᠪᠠᠷ ᠬᠡᠷᠬᠢᠨ ᠠᠳᠠᠯᠢ ᠪᠤᠰᠤ ᠶᠢᠨ ᠳᠤᠬᠢᠶ᠎ᠠ ᠶᠢ ᠢᠯᠡᠳᠬᠡᠵᠦ ᠴᠢᠳᠠᠳᠠᠭ ᠪᠤᠢ︖ ᠢᠡᠭᠭᠢᠵᠦ ᠳᠤᠬᠢᠶ᠎ᠠ ᠪᠠᠷ ᠬᠠᠷᠢᠯᠴᠠᠬᠤ ᠪᠤᠯᠤᠯᠴᠠᠭ᠎ᠠ ᠪᠦᠷᠢᠮᠦᠰᠦᠨ ᠪᠠᠶᠢᠨ᠎ᠠ᠃ ᠬᠡᠳᠡᠯ᠎ᠠ ᠤᠳᠤ ᠳᠤ ᠪᠤᠯᠳᠠᠯ᠎ᠠ ᠴᠢᠨᠠᠭᠰᠢ ᠪᠠᠨ ᠤᠯᠠᠮ ᠨᠢᠬᠡ ᠠᠯᠬᠤᠮ ᠬᠦᠨᠵᠡᠬᠡᠢ ᠰᠤᠳᠤᠯᠬᠤ ᠳᠤ ᠳᠤᠶᠢᠯ  ᠤᠨ ᠬᠦᠴᠢᠷ ᠪᠡᠷᠭᠡ ᠪᠠᠶᠢᠨ᠎ᠠ᠃ ᠠᠮᠢᠳᠤ ᠪᠤᠳᠠᠰ ᠤᠨ ᠤᠬᠠᠭᠠᠨᠳᠠᠨ ᠤᠯᠠᠨ ᠵᠢᠯ ᠤᠨ ᠳᠤᠷᠰᠢ ᠰᠤᠳᠤᠯᠤᠭᠰᠠᠨ ᠢᠶᠠᠷ ᠳᠡᠯᠡᠬᠡᠢ ᠶᠢᠨ ᠡᠯ᠎ᠠ ᠶᠡᠭᠡ ᠳᠠᠯᠠᠢ ᠳᠤ ᠳᠠᠷᠬᠠᠵᠤ ᠪᠠᠶᠢᠬᠤ ᠤᠯᠠᠨ ᠳᠡᠮᠡᠬᠡᠨ ᠨᠢᠷᠤᠭᠤᠳᠤ ᠬᠠᠯᠢᠮᠤ ᠶᠢᠨ ᠳᠠᠭᠤᠯᠠᠬᠤ ᠳᠠᠭᠤᠤ ᠨᠢ ᠦᠨᠳᠦᠰᠦᠨ ᠳᠡᠭᠡᠨ ᠠᠳᠠᠯᠢᠪᠳᠤᠷ ᠪᠠᠶᠢᠬᠤ ᠶᠢ ᠰᠡᠷᠡᠵᠦ ᠮᠡᠳᠡᠵᠦ᠂ ᠳᠡᠳᠡᠨᠡᠷ ᠤᠨ ᠠᠮᠠᠨ ᠠᠴᠠ ᠨᠢ ᠭᠠᠷᠬᠤ ᠬᠢᠨᠭᠰᠢᠬᠦ ᠳᠠᠭᠤᠨ᠂ ᠬᠠᠮᠠᠷ ᠤᠨ ᠳᠠᠭᠤᠨ᠂ ᠤᠷᠬᠢᠷᠠᠬᠤ ᠳᠠᠭᠤᠨ ᠤ ᠬᠢᠨᠢ ᠤᠷᠳᠤ ᠤᠬᠤᠷ ᠨᠢ ᠦᠨᠳᠦᠰᠦᠨ  ᠳᠡᠭᠡᠨ ᠠᠳᠠᠯᠢ ᠪᠠᠶᠢᠨ᠎ᠠ᠃ ᠡᠳᠡᠬᠡᠷ ᠳᠠᠭᠤᠨ ᠢ ᠪᠠᠰᠠ ᠶᠡᠭᠡ ᠲᠦᠯᠦᠪ ᠭᠤᠤᠯ ᠤᠷᠤᠰᠬᠠᠯ ᠤᠨ ᠳᠠᠭᠤᠨ ᠬᠢᠬᠡᠳ ᠤᠬᠤᠷ ᠦᠬᠦᠯᠡᠪᠤᠷᠢᠳᠤ ᠳᠠᠭᠤᠨ ᠭᠡᠵᠦ᠂ ᠳᠡᠳᠡ ᠪᠠᠰᠠ ᠡᠳᠡᠭᠡᠷ ᠳᠠᠭᠤᠤ ᠪᠠᠨ ᠵᠢᠮ᠎ᠠ ᠶᠤᠰᠤ ᠲᠠᠢ ᠪᠠᠷ ᠳᠠᠬᠢᠨ ᠳᠠᠪᠳᠠᠨ ᠢᠯᠡᠷᠡᠬᠦᠯᠳᠡᠭ ᠬᠡᠨ᠎ᠠ᠃ ᠡᠬᠦᠨ ᠠᠴᠠ ᠦᠵᠡᠬᠦ ᠳᠤ ᠳᠡᠮᠡᠬᠡᠨ ᠨᠢᠷᠤᠭᠤᠳᠤ ᠬᠠᠯᠢᠮᠤ ᠶᠢᠨ ᠳᠠᠭᠤᠯᠠᠬᠤ ᠳᠠᠭᠤᠤ  ᠪᠠᠨ ᠳᠡᠳᠡᠨ ᠤ ᠬᠤᠭᠤᠷᠤᠨᠳᠤᠬᠢ ᠦᠬᠡ ᠬᠡᠯᠡᠨ ᠤ ᠰᠤᠯᠢᠯᠴᠠᠭ᠎ᠠ ᠪᠠᠷ ᠤᠷᠤᠯᠠᠭᠤᠯᠵᠤ ᠪᠠᠶᠢᠬᠤ ᠨᠢ ᠢᠯᠡᠷᠬᠡᠢ᠃ ᠭᠡᠳᠡᠯ᠎ᠠ ᠡᠳᠡᠬᠡᠷ ᠳᠠᠭᠤᠤ ᠨᠤᠭᠤᠳ ᠨᠢ ᠴᠤᠬᠤᠮ ᠳᠤᠰᠪᠤᠷᠢ ᠶᠠᠮᠠᠷ ᠨᠢᠬᠡ ᠤᠳᠬ᠎ᠠ ᠠᠭᠤᠯᠭ᠎ᠠ ᠶᠢ ᠢᠯᠡᠳᠬᠡᠨ ᠭᠠᠷᠭᠠᠵᠤ ᠪᠠᠶᠢᠬᠤ ᠶᠢ ᠤᠳᠤ ᠪᠤᠯᠳᠠᠯ᠎ᠠ ᠬᠦᠮᠦᠰ ᠦᠨᠡᠨᠳᠡᠭᠡᠨ ᠮᠡᠳᠡᠬᠦ ᠦᠭᠡᠢ ᠪᠢᠯᠡ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号