ᠪᠠᠶᠢᠭᠠᠯᠢ ᠲᠤᠬᠢᠶ᠎ᠠ ︵ᠲᠠᠪᠤ︶
ᠨᠡᠶᠢᠲᠡᠯᠡᠭᠰᠡᠨ ᠴᠠᠭ᠄
2023/11/20
     ᠮᠤᠩᠭᠤᠯ ᠬᠦᠮᠦᠨ ᠤ ᠰᠤᠶᠤᠯ ᠪᠤᠯ ᠪᠠᠶᠢᠭᠠᠯᠢ ᠶᠢᠨ ᠰᠤᠶᠤᠯ᠂ ᠬᠠᠶᠢᠷ᠎ᠠ ᠶᠢᠨ ᠰᠤᠶᠤᠯ ᠶᠤᠮ ᠭᠡᠵᠤ ᠭᠡᠯᠡᠵᠤ ᠪᠤᠯᠬᠤ ᠶᠤᠰᠤ ᠴᠦ ᠡᠨᠡ᠃ ᠲᠡᠭᠡᠬᠦ ᠳᠤ ᠮᠤᠩᠭᠤᠯ ᠬᠦᠮᠦᠨ ᠪᠠᠶᠢᠭᠠᠯᠢ ᠪᠠᠨ ᠭᠡᠷᠬᠢᠨ ᠤᠶᠢᠯᠠᠭᠠᠵᠤ᠂ ᠪᠠᠶᠢᠭᠠᠯᠢ ᠨᠢ ᠮᠤᠩᠭᠤᠯ ᠬᠦᠮᠦᠨ ᠳᠤ ᠶᠠᠭᠠᠬᠢᠵᠤ ᠲᠤᠬᠢᠶ᠎ᠠ ᠪᠠᠨ ᠦᠭᠳᠡᠭ ᠪᠠᠶᠢᠨ᠎ᠠ︖ ᠤᠷᠴᠢᠯᠠᠩ ᠲᠡᠯᠡᠭᠡᠢ ᠶᠢᠨ ᠲᠦᠮᠡᠨ ᠪᠤᠳᠠᠰ᠂ ᠬᠤᠷᠤᠬᠠᠢ ᠰᠢᠪᠡᠵᠢ ᠠᠴᠠ ᠡᠬᠢᠯᠡᠭᠡᠳ ᠠᠷᠢᠶᠠᠳᠠᠨ ᠵᠢᠬᠦᠷᠳᠡᠨ ᠮᠤᠩᠭᠤᠯ ᠬᠦᠮᠦᠨ ᠳᠤ ᠶᠠᠭᠠᠬᠢᠵᠤ ᠰᠤᠷᠠᠭ ᠴᠢᠮᠡᠭᠡ ᠬᠦᠷᠭᠡᠳᠡᠭ ᠪᠠᠶᠢᠨ᠎ᠠ︖      81 ᠰᠦᠨᠢ ᠤᠳᠤᠨ ᠮᠠᠴᠢᠳ ᠴᠦᠭᠡᠨ ᠪᠦᠭᠡᠳ ᠠᠨᠢᠪᠴᠢᠯᠠᠵᠤ ᠪᠠᠶᠢᠪᠠᠯ ᠰᠠᠯᠬᠢ ᠲᠠᠢ᠂ ᠰᠠᠶᠢᠬᠠᠨ ᠲᠤᠭᠳᠠᠭᠤᠬᠠᠨ ᠪᠦᠭᠡᠳ ᠤᠯᠠᠨ ᠤᠳᠤ ᠲᠠᠢ ᠪᠠᠶᠢᠪᠠᠯ ᠲᠠᠷᠠᠭ᠎ᠠ ᠡᠳᠦᠷ ᠨᠢ ᠰᠠᠶᠢᠬᠠᠨ ᠡᠳᠦᠷ ᠪᠤᠯᠤᠨ᠎ᠠ᠃      82 ᠬᠦᠮᠦᠨ ᠤ ᠤᠴᠠᠭᠠᠷ ᠢ ᠬᠦᠳᠡᠯᠭᠡᠮ᠎ᠠ ᠪᠦᠭᠴᠢᠮ᠎ᠠ ᠬᠠᠯᠠᠭᠤᠨ ᠲᠡᠭᠡᠷ᠎ᠡ ᠠᠴᠠ ᠨᠢ ᠲᠡᠭᠷᠢ ᠶᠢᠨ ᠬᠠᠶᠠᠭ᠎ᠠ ᠮᠠᠨᠠᠨᠳᠤᠵᠤ᠂ ᠨᠢᠭᠡ ᠬᠤᠶᠠᠷ ᠡᠬᠦᠯᠠ ᠪᠠᠶᠢᠪᠠᠴᠦ ᠶᠡᠭᠡ ᠬᠤᠯᠠ ᠦᠵᠡᠭᠳᠡᠭᠡᠳ ᠢᠷᠡᠪᠡᠯ ᠲᠤᠯᠤᠭᠠᠨ ᠡᠳᠦᠷ ᠤᠨ ᠲᠤᠳᠤᠷ᠎ᠠ ᠪᠤᠷᠤᠭᠠᠯᠠᠨ᠎ᠠ᠃      83 ᠮᠡᠯᠡᠭᠡᠢ ᠨᠠᠭᠤᠷ ᠲᠠᠭᠠᠨ ᠲᠤᠭᠳᠠᠬᠤ ᠦᠭᠡᠢ ᠭᠠᠳᠠᠭᠤᠷ ᠬᠦᠶᠦᠯᠳᠦᠭᠡᠳ ᠢᠷᠡᠬᠦ ᠪᠤᠶᠤ ᠭᠤᠸᠠᠭᠯᠠᠭᠠᠳ ᠡᠬᠢᠯᠡᠪᠡᠯ ᠶᠡᠭᠡ ᠪᠤᠷᠤᠭ᠎ᠠ ᠤᠷᠤᠨ᠎ᠠ᠃      84 ᠭᠠᠭ᠋ᠠᠢ᠂ ᠦᠭᠡᠷ ᠵᠢᠭᠠᠰᠤ ᠬᠤᠷᠤᠭ᠎ᠠ ᠪᠠᠨ ᠪᠠᠯᠪᠠᠴᠢᠵᠤ ᠪᠦᠵᠢᠭᠡᠨᠡᠪᠡᠯ ᠶᠡᠭᠡ ᠰᠠᠯᠬᠢ ᠢᠷᠡᠬᠦ᠂ ᠪᠤᠷᠤᠭ᠎ᠠ ᠬᠤᠷ᠎ᠠ ᠤᠷᠤᠬᠤ ᠵᠡᠷᠭᠡ ᠪᠠᠷ ᠲᠡᠭᠷᠢ ᠬᠤᠪᠢᠯᠤᠨ᠎ᠠ᠃          85 ᠬᠡᠦᠭᠡᠳ ᠤᠷᠤᠭᠤᠯ ᠢᠶᠠᠨ ᠴᠤᠷᠪᠤᠶᠢᠯᠭᠠᠨ ᠲᠤᠷᠬᠢᠳᠠᠪᠠᠯ ᠰᠠᠯᠬᠢᠯᠠᠨ᠎ᠠ᠃ ᠨᠠᠶᠢᠳᠠᠭᠠᠪᠠᠯ ᠲᠡᠭᠷᠢ ᠬᠤᠪᠢᠯᠦᠨ᠎ᠠ᠃      86 ᠭᠠᠵᠠᠷ ᠵᠤᠳᠤᠵᠤ ᠪᠤᠯᠬᠤ ᠦᠭᠡᠢ᠂ ᠵᠤᠳᠤᠪᠠᠯ ᠮᠠᠯ ᠬᠤᠢ ᠪᠠᠨ ᠠᠯᠳᠠᠨ᠎ᠠ᠃      87 ᠪᠢᠳᠡᠬᠦᠦ ᠰᠦᠨᠢ ᠡᠯᠵᠢᠭᠡ ᠤᠷᠬᠢᠷᠠᠪᠠᠯ ᠪᠤᠷᠤ ᠪᠤᠷᠴᠠᠭ ᠤᠨ ᠤᠨᠠᠯᠳᠠ ᠰᠠᠶᠢᠨ ᠪᠤᠯᠤᠨ᠎ᠠ᠃      88 ᠪᠤᠷᠤᠭ᠎ᠠ ᠤᠷᠤᠵᠤ ᠪᠠᠶᠢᠬᠤ ᠦᠶ᠎ᠡ ᠵᠢᠩᠰᠡᠯᠡᠪᠡᠯ ︵ᠲᠠᠷᠤᠢ ᠬᠦᠭᠡᠰᠦᠷᠡᠵᠤ ᠤᠰᠤᠨ ᠪᠦᠮᠪᠦᠭᠡ ᠲᠡᠪᠡᠬᠦ︶ ᠡᠨᠡ ᠤᠳᠠᠭ᠎ᠠ ᠶᠢᠨ ᠪᠤᠷᠤᠭ᠎ᠠ ᠲᠠᠭᠠᠭᠠᠳᠠᠯ᠎ᠠ ᠪᠠᠨ ᠰᠠᠶᠢᠨ ᠤᠷᠤᠨ᠎ᠠ᠃      89 ᠠᠯᠠᠭ ᠲᠤᠩᠬᠠᠢ ᠰᠢᠪᠠᠭᠤ ᠪᠤᠯ ᠦᠭᠡ ᠭᠡᠯᠡ ᠬᠦᠷᠭᠡᠭᠴᠢ ᠭᠡᠳᠡᠭ᠃ ᠬᠤᠨᠢᠨ ᠬᠤᠷᠢᠶᠠᠨ ᠲᠡᠭᠡᠷ᠎ᠡ ᠢᠷᠡᠵᠤ ᠳᠣᠩᠭᠤᠳᠪᠠᠯ ᠮᠠᠯ ᠰᠦᠷᠦᠭ ᠨᠢ ᠲᠠᠰᠤᠷᠠᠵᠤ ᠶᠠᠪᠤᠭᠰᠠᠨ ᠡᠰᠡᠬᠦᠯ᠎ᠠ ᠬᠤᠨᠢ ᠢᠮᠠᠭ᠎ᠠ ᠨᠢ ᠬᠦᠳᠡᠭᠡ ᠲᠦᠯᠵᠢᠭᠡᠳ ᠲᠦᠯ ᠢᠶᠠᠨ ᠬᠠᠶᠠᠭᠰᠠᠨ ᠵᠡᠷᠭᠡ ᠮᠡᠳᠡᠭᠡ᠃ ᠬᠠᠷᠢᠨ ᠡᠷᠢᠭᠡᠳ ᠤᠯᠳᠠᠬᠤ ᠦᠭᠡᠢ ᠪᠤᠯᠴᠢᠬᠠᠭᠰᠠᠨ ᠪᠤᠯ ᠲᠤᠤᠭᠠᠷᠬᠤ ᠦᠭᠡᠢ᠃      90 ᠱᠠᠭᠠᠵᠠᠭᠠᠢ ᠡᠬᠦᠷ ᠤᠨ ᠢᠶᠠᠨ ᠠᠮᠠ ᠶᠢ ᠳᠡᠭᠡᠭᠰᠢ ᠬᠠᠨᠳᠤᠭᠤᠯᠤᠨ ᠪᠠᠷᠢᠪᠠᠯ ᠭᠠᠩ ᠲᠠᠢ ᠵᠢᠯ ᠪᠤᠯᠵᠤ᠂ ᠬᠠᠵᠠᠭᠤ ᠲᠡᠶᠢᠰᠢ ᠪᠤᠶᠤ ᠲᠤᠭᠤᠭᠰᠢ ᠬᠠᠨᠳᠤᠭᠤᠯᠵᠤ ᠪᠠᠷᠢᠬᠤ ᠢᠯᠠᠩᠭᠤᠶ᠎ᠠ ᠲᠡᠭᠡᠬᠦᠷ ᠢᠶᠠᠨ ᠵᠤᠵᠠᠭᠠᠨ ᠪᠠᠷᠢᠪᠠᠯ ᠪᠤᠷᠤᠭᠠᠨ ᠡᠯᠪᠡᠭ ᠵᠢᠯ ᠪᠤᠯᠤᠨ᠎ᠠ᠃ ᠱᠠᠭᠠᠵᠠᠭᠠᠢ ᠡᠬᠦᠷ ᠢᠶᠠᠨ ᠵᠦᠭ ᠤᠨ ᠰᠠᠶᠢᠨ ᠤᠷᠤᠭᠤ ᠬᠠᠨᠳᠤᠭᠤᠯᠳᠠᠭ᠃ ᠪᠠᠰᠠ ᠵᠡᠬᠦᠨ ᠭᠤᠷᠪᠠᠨ ᠵᠦᠭ ᠤᠷᠤᠭᠤ ᠬᠠᠨᠳᠤᠭᠤᠯᠵᠤ ᠪᠠᠷᠢᠪᠠᠯ ᠭᠠᠩ ᠲᠠᠢ᠂ ᠪᠠᠷᠠᠭᠤᠨ ᠭᠤᠷᠪᠠᠨ ᠵᠦᠭ ᠤᠷᠤᠭᠤ ᠬᠠᠨᠳᠤᠭᠤᠯᠵᠤ ᠪᠠᠷᠢᠪᠠᠯ ᠪᠤᠷᠤᠭ᠎ᠠ ᠲᠠᠢ ᠭᠡᠳᠡᠭ᠃      91 ᠦᠷᠯᠦᠭᠡ ᠦᠭᠡᠯᠵᠢᠨ ᠰᠢᠪᠠᠭᠤ ᠲᠤᠤᠭᠠᠷᠪᠠᠯ ᠰᠠᠶᠢᠬᠠᠨ ᠡᠳᠦᠷ ᠪᠤᠯᠤᠨ᠎ᠠ᠃      92 ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠤ ᠬᠤᠨᠢ᠂ ᠢᠯᠠᠩᠭᠤᠶ᠎ᠠ ᠶᠡᠭᠡ ᠢᠷᠭᠡ ᠬᠤᠴᠠ ᠬᠠᠮᠢᠭᠠᠰᠢ ᠬᠠᠨᠳᠤᠨ ᠭᠡᠪᠳᠡᠵᠤ ᠪᠠᠶᠢᠪᠠᠯ ᠲᠠᠷᠠ ᠵᠦᠭ ᠨᠢ ᠰᠠᠶᠢᠨ ᠵᠦᠭ ᠭᠡᠳᠡᠭ᠃      93 ᠬᠠᠳᠤᠨ ᠬᠠᠷᠢᠶᠠᠴᠠᠢ ᠬᠤᠷᠮᠤᠰᠳᠠ ᠡᠳᠦᠷ᠂ ᠲᠡᠭᠷᠢ ᠤᠳᠤ᠂ ᠰᠦᠯᠳᠠ ᠤᠳᠤ ᠶᠢᠨ ᠡᠳᠦᠷ ᠡᠬᠦᠷ ᠢᠶᠠᠨ ᠪᠠᠷᠢᠳᠠᠭ᠃      94 ᠰᠠᠯᠬᠢᠨ ᠰᠢᠪᠠᠭᠤ ︵ᠨᠦᠬᠦᠭᠡ ᠨᠠᠷ᠎ᠠ ᠨᠢ ᠴᠠᠶᠢᠳᠠᠮ ᠬᠠᠷᠠᠮᠨᠠᠬᠤ᠂ ᠨᠤᠳᠤᠭ ᠬᠠᠷᠠᠮᠨᠠᠬᠤ ᠰᠢᠪᠠᠭᠤ︶ ᠲᠤᠤᠭᠠᠷᠪᠠᠯ ᠰᠠᠯᠬᠢᠯᠠᠨ᠎ᠠ᠃      95 ᠡᠯᠢᠶ᠎ᠡ ᠢᠰᠬᠢᠷᠪᠠᠯ ᠪᠤᠷᠤᠭᠠᠯᠠᠨ᠎ᠠ᠃ ᠡᠯᠢᠶ᠎ᠡ ᠢᠨᠴᠠᠭᠠᠪᠠᠯ ᠲᠤᠭᠰᠢᠨ ᠪᠤᠷᠤᠭ᠎ᠠ ᠤᠷᠤᠨ᠎ᠠ ᠭᠡᠵᠤ ᠴᠦ ᠭᠡᠯᠡᠨ᠎ᠠ᠃      96 ᠬᠠᠳᠤᠨ ᠬᠠᠷᠢᠶᠠᠴᠠᠢ ᠢᠷᠡᠭᠰᠡᠨ ᠡᠳᠦᠷ ᠪᠤᠯ ᠶᠠᠭᠠᠬᠢᠬᠤ ᠠᠷᠭ᠎ᠠ ᠦᠭᠡᠢ ᠰᠠᠶᠢᠨ ᠡᠳᠦᠷ ᠭᠡᠳᠡᠭ᠃ ᠮᠤᠩᠭᠤᠯ ᠬᠦᠮᠦᠰ ᠬᠠᠳᠤᠨ ᠬᠠᠷᠢᠶᠠᠴᠠᠢ ᠶᠢ ᠶᠡᠭᠡᠳᠡ ᠬᠦᠨᠳᠦᠳᠭᠡᠨ ᠤᠭᠳᠤᠵᠤ ᠠᠪᠳᠠᠭ᠃      97 ᠬᠠᠳᠤᠨ ᠬᠠᠷᠢᠶᠠᠴᠠᠢ ᠡᠬᠦᠷ ᠪᠠᠷᠢᠬᠤ ᠳᠠᠭᠠᠨ ᠤᠯᠠᠨ ᠮᠤᠷᠢᠨ ᠰᠡᠬᠦᠯ ᠢ ᠤᠷᠤᠭᠤᠯᠤᠭᠰᠠᠨ ᠪᠠᠶᠢᠪᠠᠯ ᠡᠨᠡ ᠵᠢᠯ ᠠᠯᠢᠪᠠ ᠪᠦᠬᠦᠨ ᠰᠠᠶᠢᠨ ᠰᠠᠶᠢᠬᠠᠨ ᠪᠤᠯᠬᠤ ᠶᠢᠨ ᠰᠢᠨᠵᠢ᠃      98 ᠤᠷᠤᠢ ᠲᠠᠯᠠᠩ ᠬᠦᠭᠡᠷᠡᠨ ᠴᠡᠩᠭᠡᠷᠳᠦᠪᠠᠯ ᠪᠤᠷᠤᠭᠠᠯᠠᠨ᠎ᠠ᠃      99 ᠬᠠᠷ᠎ᠠ ᠪᠦᠷᠦᠢ ᠶᠢᠨ ᠦᠶ᠎ᠡ ᠰᠢᠷ᠎ᠠ ᠰᠢᠪᠠᠭᠤ ᠲᠤᠤᠭᠠᠷᠪᠠᠯ᠂ ᠲᠤᠤᠭᠠᠷᠴᠦ ᠪᠠᠶᠢᠭᠰᠠᠨ ᠦᠶ᠎ᠡ ᠶᠢᠨ ᠴᠠᠭ ᠠᠭᠤᠷ ᠶᠠᠮᠠᠷ ᠪᠠᠶᠢᠭᠰᠠᠨ ᠪᠤᠯ ᠲᠠᠷᠠᠭ᠎ᠠ ᠡᠳᠦᠷ ᠨᠢ ᠮᠥᠨ ᠲᠡᠶᠢᠮᠤ ᠪᠤᠯᠵᠤ ᠦᠷᠬᠦᠯᠵᠢᠯᠠᠨ᠎ᠠ᠃ ᠭᠡᠬᠦ ᠳᠤ ᠰᠢᠷ᠎ᠠ ᠰᠢᠪᠠᠭᠤ ᠲᠤᠤᠭᠠᠷᠬᠤ ᠪᠢᠰᠢ ᠬᠠᠳᠠᠭᠠᠨᠠᠵᠤ ᠢᠨᠢᠶᠡᠪᠠᠯ ᠡᠨᠡ ᠠᠶᠢᠯ ᠳᠤ ᠲᠠᠮᠠᠢ ᠰᠠᠶᠢᠨ ᠪᠢᠰᠢ᠃      100 ᠲᠤᠭᠤᠷᠤᠤ ᠶᠢᠨ ᠬᠤᠭᠤᠯᠠᠢ ᠲᠤᠰᠤᠷᠬᠠᠭ ᠨᠠᠮᠵᠢᠭᠤᠨ ᠰᠠᠶᠢᠬᠠᠨ ᠲᠤᠤᠭᠠᠷᠪᠠᠯ ᠪᠤᠷᠤᠭ᠎ᠠ ᠤᠷᠤᠨ᠎ᠠ᠂ ᠬᠠᠷᠵᠢᠬᠢᠨᠠᠵᠤ ᠲᠤᠤᠭᠠᠷᠪᠠᠯ ᠭᠠᠩᠳᠠᠨ᠎ᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号