ᠮᠤᠩᠭᠤᠯ ᠬᠦᠮᠦᠨ ᠤ ᠰᠤᠶᠤᠯ ᠪᠤᠯ ᠪᠠᠶᠢᠭᠠᠯᠢ ᠶᠢᠨ ᠰᠤᠶᠤᠯ᠂ ᠬᠠᠶᠢᠷ᠎ᠠ ᠶᠢᠨ ᠰᠤᠶᠤᠯ ᠶᠤᠮ ᠭᠡᠵᠤ ᠭᠡᠯᠡᠵᠤ | ᠪᠤᠯᠬᠤ ᠶᠤᠰᠤ ᠴᠦ ᠡᠨᠡ᠃ ᠲᠡᠭᠡᠬᠦ ᠳᠤ ᠮᠤᠩᠭᠤᠯ ᠬᠦᠮᠦᠨ ᠪᠠᠶᠢᠭᠠᠯᠢ ᠪᠠᠨ ᠭᠡᠷᠬᠢᠨ ᠤᠶᠢᠯᠠᠭᠠᠵᠤ᠂ ᠪᠠᠶᠢᠭᠠᠯᠢ ᠨᠢ | ᠮᠤᠩᠭᠤᠯ ᠬᠦᠮᠦᠨ ᠳᠤ ᠶᠠᠭᠠᠬᠢᠵᠤ ᠲᠤᠬᠢᠶ᠎ᠠ ᠪᠠᠨ ᠦᠭᠳᠡᠭ ᠪᠠᠶᠢᠨ᠎ᠠ︖ ᠤᠷᠴᠢᠯᠠᠩ ᠲᠡᠯᠡᠭᠡᠢ ᠶᠢᠨ ᠲᠦᠮᠡᠨ ᠪᠤᠳᠠᠰ᠂ | ᠬᠤᠷᠤᠬᠠᠢ ᠰᠢᠪᠡᠵᠢ ᠠᠴᠠ ᠡᠬᠢᠯᠡᠭᠡᠳ ᠠᠷᠢᠶᠠᠳᠠᠨ ᠵᠢᠬᠦᠷᠳᠡᠨ ᠮᠤᠩᠭᠤᠯ ᠬᠦᠮᠦᠨ ᠳᠤ ᠶᠠᠭᠠᠬᠢᠵᠤ ᠰᠤᠷᠠᠭ ᠴᠢᠮᠡᠭᠡ | ᠬᠦᠷᠭᠡᠳᠡᠭ ᠪᠠᠶᠢᠨ᠎ᠠ︖ | 101 ᠶᠢᠰᠦ ᠲᠤᠭᠠᠯᠠᠭᠰᠠᠨ ᠤ ᠨᠢᠭᠡᠳᠦᠭᠡᠷ ᠡᠳᠦᠷ ᠨᠢ ᠶᠠᠮᠠᠷ ᠪᠤᠯ ᠡᠨᠡ ᠶᠢᠰᠦᠨ ᠡᠳᠦᠷ ᠮᠥᠨ ᠲᠡᠶᠢᠮᠤ᠃ | ᠬᠤᠶᠠᠳᠤᠭᠠᠷ ᠶᠢᠰᠦ ᠲᠤᠭᠠᠯᠠᠭᠰᠠᠨ ᠡᠳᠦᠷ ᠨᠢ ᠶᠠᠮᠠᠷ ᠪᠤᠯ ᠬᠤᠶᠠᠳᠡᠬᠢ ᠶᠢᠰᠦᠨ ᠡᠳᠦᠷ ᠨᠢ ᠮᠥᠨ ᠲᠡᠶᠢᠮᠤ᠃ | ᠵᠠᠯᠭᠠᠭᠠᠳ ᠠᠳᠠᠯᠢ᠃ | 102 ᠶᠢᠰᠤ ᠲᠤᠭᠠᠯᠠᠭᠰᠠᠨ ᠡᠳᠦᠷ ᠵᠡᠬᠦᠨ ᠲᠠᠯ᠎ᠠ ᠪᠠᠷ ᠰᠠᠮᠡᠵᠢᠨ ᠴᠠᠭᠠᠨ ᠡᠬᠦᠯᠠ ᠲᠠᠢ᠂ ᠬᠤᠷᠭᠤᠯ | ᠬᠦᠳᠡᠯᠭᠡᠮᠠᠷ ᠰᠠᠯᠬᠢᠨ ᠲᠠᠢ ᠪᠤᠯ ᠰᠠᠶᠢᠨ ᠵᠢᠯ ᠢᠷᠡᠨ᠎ᠠ᠃ | 103 ᠶᠢᠰᠤ ᠲᠤᠭᠠᠯᠠᠬᠤ ᠡᠳᠦᠷ ᠤᠨ ᠰᠠᠯᠬᠢᠨ ᠬᠤᠶᠢᠨ᠎ᠠ ᠪᠠᠨ ᠭᠠᠷᠪᠠᠯ ᠪᠤᠷᠤᠭ᠎ᠠ ᠬᠤᠷ᠎ᠠ ᠲᠠᠢ ᠵᠢᠯ ᠪᠤᠯᠤᠨ᠎ᠠ᠂ | ᠡᠮᠦᠨ᠎ᠠ ᠪᠠᠨ ᠭᠠᠷᠪᠠᠯ ᠭᠠᠩ ᠲᠠᠢ ᠵᠢᠯ ᠪᠤᠯᠤᠨ᠎ᠠ᠃ | 104 ᠨᠠᠷᠠ ᠰᠠᠷ᠎ᠠ ᠭᠬᠢᠷᠳᠦᠪᠠᠯ ᠨᠢᠭᠤᠷ ᠢᠶᠠᠨ ᠤᠬᠢᠶᠠᠬᠤ ᠶᠢᠨ ᠲᠦᠯᠦᠭᠡ ᠭᠤᠷᠪᠠᠨ ᠡᠳᠦᠷ ᠤᠨ ᠲᠤᠳᠤᠷ᠎ᠠ | ᠪᠠᠭ᠎ᠠ ᠴᠦ ᠭᠡᠰᠡᠨ ᠪᠤᠷᠤᠭ᠎ᠠ ᠬᠤᠷ᠎ᠠ ᠪᠠᠭᠤᠨ᠎ᠠ᠃ | 105 ᠬᠤᠶᠠᠷ ᠴᠠᠰᠤᠨ ᠪᠤᠯᠵᠤᠭᠠᠨ ᠳᠤ ᠴᠠᠰᠤ ᠲᠠᠢ ᠪᠤᠯ ᠬᠠᠭᠠᠰ ᠵᠢᠯ ᠪᠤᠷᠤᠭ᠎ᠠ ᠤᠷᠤᠬᠤ ᠦᠭᠡᠢ᠃ | 106 ᠰᠡᠬᠦᠯ ᠰᠠᠷ᠎ᠠ᠂ ᠬᠤᠪᠢ ᠰᠠᠷ᠎ᠠ ︵ᠤᠷᠳᠤᠰ ᠲᠤᠭᠠᠯᠠᠯ︶ ᠶᠢᠨ ᠪᠤᠳᠠᠩᠨᠠᠪᠠᠯ ᠮᠠᠭᠤ ᠵᠢᠯ ᠢᠷᠡᠬᠦ ᠶᠢᠨ | ᠰᠢᠨᠵᠢ᠃ | 107 ᠬᠠᠩᠰᠢ ᠶᠢᠨ ᠡᠳᠦᠷ ᠬᠤᠷᠭᠤᠯ ᠬᠦᠳᠡᠯᠬᠦ ᠰᠡᠯᠬᠢᠨ ᠲᠠᠢ ᠪᠤᠯ ᠁ | 108 ᠡᠪᠦᠯ ᠭᠡᠨᠡᠳᠳᠡ ᠪᠠᠷ ᠰᠦᠷᠡᠭᠡᠢ ᠲᠤᠯᠠᠭᠠᠷᠠᠪᠠᠯ ᠶᠡᠭᠡ ᠴᠠᠰᠤ ᠤᠨᠠᠨ᠎ᠠ᠃ | 109 ᠰᠠᠷ᠎ᠠ ᠪᠤᠯᠭᠠᠨ ᠤ ᠰᠢᠨ᠎ᠠ ᠶᠢᠨ ᠨᠢᠭᠡᠨ ᠶᠠᠮᠠᠷ ᠪᠤᠯ ᠲᠤᠰ ᠰᠠᠷ᠎ᠠ ᠪᠠᠷᠤᠭ ᠲᠠᠭᠠᠨ ᠮᠥᠨ ᠲᠠᠶᠢᠮᠤ | ᠪᠠᠶᠢᠳᠠᠭ᠃ | 110 ᠪᠢᠳᠡᠬᠦᠦ ᠬᠤᠷᠢ ᠶᠢᠰᠦᠨ ᠳᠤ ᠬᠤᠶᠢᠨ᠎ᠠ ᠬᠤᠷᠭᠤᠯ ᠬᠦᠳᠡᠯᠭᠡᠮᠠᠷ ᠰᠠᠯᠬᠢᠯᠠᠪᠠᠯ ᠬᠤᠶᠢᠳᠤ ᠵᠢᠯ | ᠪᠤᠷᠤᠭᠠᠨ ᠲᠠᠢ᠃ | 111 ᠪᠢᠳᠡᠬᠦᠦ ᠰᠦᠨᠢ ᠲᠡᠭᠷᠢ ᠶᠢᠨ ᠬᠠᠶᠠᠭ᠎ᠠ ᠬᠠᠮᠢᠭᠠᠭᠤᠷᠢ ᠬᠠᠷᠠᠩᠭᠤᠶᠢᠯᠠᠵᠤ ᠪᠠᠶᠢᠪᠠᠯ ᠢᠷᠡᠬᠦ ᠵᠢᠯ ᠲᠡᠨᠳᠡ | ᠰᠠᠶᠢᠨ ᠪᠤᠷᠤᠭ᠎ᠠ ᠤᠷᠤᠨ᠎ᠠ᠃ | 112 ᠲᠠᠪᠤᠨ ᠰᠠᠷ᠎ᠠ ︵ᠤᠷᠳᠤᠰ ᠲᠤᠭᠠᠯᠠᠯ︶ ᠳᠤ ᠬᠠᠩᠰᠢ ᠢᠷᠡᠪᠡᠯ ᠲᠠᠯ᠎ᠠ ᠬᠦᠭᠡᠷᠡᠨᠠ᠂ ᠵᠢᠷᠭᠤᠭᠠᠨ ᠰᠠᠷ᠎ᠠ | ᠳᠤ ᠬᠠᠩᠰᠢ ᠢᠷᠡᠪᠠᠯ ᠡᠷᠳᠡ ᠨᠤᠭᠤᠭᠠᠷᠠᠬᠤ ᠦᠭᠡᠢ᠃ | 113 ᠬᠠᠩᠰᠢ ᠶᠢᠨ ᠡᠳᠦᠷ ᠪᠠᠭ᠎ᠠ ᠰᠠᠭ᠎ᠠ ᠪᠤᠷᠤᠭᠠᠯᠠᠪᠠᠯ ᠡᠪᠡᠰᠦᠨ ᠲᠤᠯᠤᠭᠠᠢ ᠵᠢᠷᠠ ᠬᠤᠨᠤᠭ ᠲᠤᠭᠤᠭᠰᠢ | ᠬᠠᠨᠳᠤᠨ᠎ᠠ᠂ ᠬᠠᠷᠢᠨ ᠲᠠᠭᠠᠭᠠᠳᠠᠯᠠ ᠪᠠᠨ ᠤᠷᠤᠴᠢᠬᠠᠪᠠᠯ ᠶᠡᠭᠡ ᠰᠠᠶᠢᠨ᠃ | 114 ᠶᠡᠭᠡ ᠴᠠᠰᠤ᠂ ᠪᠠᠭ᠎ᠠ ᠴᠠᠰᠤ ᠶᠢᠨ ᠲᠤᠳᠤᠷ᠎ᠠ ᠴᠠᠰᠤ ᠤᠨᠠᠪᠠᠯ ᠶᠡᠭᠡ ᠬᠠᠯᠠᠭᠤᠨ ᠪᠠᠭ᠎ᠠ ᠬᠠᠯᠠᠭᠤᠨ ᠢᠶᠠᠷ | ᠭᠠᠩ ᠲᠠᠢ᠃ | 115 ᠲᠠᠪᠤ ᠶᠢᠰᠦ ᠳᠤ ᠲᠠᠪᠤᠨ ᠤᠳᠠᠭ᠎ᠠ ᠭᠠᠵᠠᠷ ᠴᠠᠶᠢᠪᠠᠯ ︵ᠶᠢᠰᠦ ᠪᠦᠷᠢ ᠨᠢᠭᠡ ᠤᠳᠠᠭ᠎ᠠ︶ ᠨᠤᠬᠠᠢ ᠴᠠᠭᠠᠨ | ᠪᠤᠳᠠᠭᠠᠨ ᠠᠴᠠ ᠭᠠᠷᠤᠨ᠎ᠠ᠃ ᠲᠠᠷᠤᠢ ᠵᠤᠪᠠᠯᠭ᠎ᠠ ᠢᠳᠡᠨ᠎ᠠ ᠭᠡᠰᠡᠨ ᠦᠭᠡ᠂ ᠭᠠᠩ ᠶᠡᠭᠡ ᠲᠠᠢ᠃ | 116 ᠶᠡᠭᠡ ᠪᠤᠳᠠᠩᠳᠤ ᠵᠢᠯ ᠴᠦᠯᠢᠬᠡᠷ ᠲᠡᠮᠡᠢ ᠤᠷᠭᠤᠬᠤ ᠦᠭᠡᠢ᠃ | 117 ᠰᠤᠭᠳᠤᠭᠤ ᠡᠪᠡᠰᠦ ᠰᠦᠷᠡᠭᠡᠢ ᠤᠷᠭᠤᠪᠠᠯ ᠭᠠᠩᠳᠠᠨ᠎ᠠ᠃ ᠰᠤᠭᠳᠤᠭᠤ ᠡᠪᠡᠰᠦ ᠲᠠᠭᠤᠳᠤ ᠪᠤᠷᠤᠭᠠᠨ᠂ | ᠢᠯᠡᠩᠭᠤᠶ᠎ᠠ ᠰᠦᠨᠢ ᠶᠢᠨ ᠲᠠᠭᠤᠳᠤ ᠪᠤᠷᠤᠭᠠᠨ ᠳᠤ ᠬᠠᠷᠰᠢ᠃ | 118 ᠬᠠᠷᠢᠶᠠᠴᠢ ᠰᠠᠶᠢᠨ ᠡᠳᠦᠷ ᠢ ᠰᠤᠩᠭᠤᠵᠤ ᠢᠷᠡᠳᠡᠭ ᠪᠦᠭᠡᠳ ᠨᠡᠩ ᠴᠦ ᠰᠢᠪᠠᠷ ᠰᠢᠷᠦᠢ ᠬᠦᠳᠡᠯᠭᠡᠵᠤ | ᠪᠤᠯᠳᠠᠭ ᠰᠠᠶᠢᠨ ᠡᠳᠦᠷ ᠪᠠᠶᠢᠳᠠᠭ ᠶᠤᠮ ᠪᠤᠯᠬᠤᠷ ᠬᠠᠷᠢᠶᠠᠴᠢ ᠢᠷᠡᠭᠰᠡᠨ ᠡᠳᠦᠷ ᠭᠠᠵᠠᠷ ᠰᠢᠷᠦᠢ ᠬᠦᠳᠡᠯᠭᠡᠵᠤ | ᠯᠠᠪᠳᠠᠶᠢᠶ᠎ᠠ ᠪᠤᠯᠤᠨ᠎ᠠ᠃ | 119 ᠬᠠᠷᠢᠶᠠᠴᠢ ᠭᠡᠷ ᠤᠨ ᠮᠤᠬᠤᠷ ᠤᠷᠤᠭᠤ ᠬᠠᠨᠳᠤᠭᠤᠯᠤᠨ ᠡᠬᠦᠷ ᠢᠶᠠᠨ ᠪᠠᠷᠢᠪᠠᠯ ᠡᠨᠡ ᠠᠶᠢᠯ ᠤᠨ | ᠠᠮᠢᠳᠤᠷᠠᠯ ᠤᠷᠤᠯᠭ᠎ᠠ ᠶᠡᠭᠡ ᠰᠠᠶᠢᠨ᠃ | 120 ᠱᠠᠭᠠᠵᠠᠭᠠᠢ ᠡᠬᠦᠷ ᠤᠨ ᠡᠬᠦᠳᠡ ᠪᠠᠨ ᠬᠠᠮᠢᠭᠠᠰᠢ ᠬᠠᠨᠳᠤᠭᠤᠯᠵᠤ ᠪᠠᠷᠢᠭᠰᠠᠨ ᠪᠠᠶᠢᠪᠡᠯ ᠲᠠᠷᠠ ᠨᠢ | ᠰᠠᠶᠢᠨ ᠵᠦᠭ᠃ | 121 ᠱᠠᠭᠠᠵᠠᠭᠠᠢ ᠶᠢᠨ ᠡᠬᠦᠷ ᠡᠮᠦᠨᠡᠰᠢ ᠬᠠᠨᠳᠤᠵᠤ ᠪᠠᠶᠢᠪᠠᠯ ᠭᠠᠩᠳᠠᠳᠠᠭ᠂ ᠬᠤᠶᠢᠰᠢ ᠬᠠᠨᠳᠤᠵᠤ ᠪᠠᠶᠢᠪᠠᠯ | ᠪᠤᠷᠤᠭ᠎ᠠ ᠲᠠᠢ᠃ | 122 ᠡᠯᠢᠶ᠎ᠡ ᠢᠨᠴᠠᠭᠠᠵᠤ ᠢᠨᠴᠠᠭᠠᠭᠰᠠᠭᠠᠷ ᠲᠡᠭᠡᠭᠰᠢ ᠪᠠᠨ ᠨᠢᠰᠦᠭᠡᠳ ᠪᠠᠶᠢᠪᠠᠯ ᠪᠤᠷᠤᠭ᠎ᠠ ᠰᠠᠶᠢᠨ ᠤᠷᠤᠨ᠎ᠠ᠃ | 123 ᠦᠭᠡᠷ ᠡᠷᠪᠡᠭᠡᠢ ᠭᠡᠷ ᠲᠤ ᠤᠷᠤᠪᠠᠯ ᠪᠤᠷᠤᠭ᠎ᠠ ᠤᠷᠤᠨ᠎ᠠ᠃ | 124 ᠦᠷᠯᠦᠭᠡ ᠡᠷᠳᠡ ᠦᠯᠦᠨ ᠬᠠᠯᠵᠠᠨ ︵ᠲᠤᠭᠤᠷᠤᠤ︶ ᠬᠠᠰᠬᠢᠷᠬᠤ᠂ ᠡᠯᠢᠶ᠎ᠡ ᠢᠨᠴᠠᠭᠠᠬᠤ᠂ ᠰᠢᠷᠭᠤᠯᠵᠢ | ᠱᠠᠯᠠ ᠲᠠᠪᠠᠭ᠋ᠤ᠂ ᠶᠠᠯᠠᠮᠠᠩ ᠦᠨᠳᠦᠷ ᠤᠷᠤᠢ ᠲᠡᠭᠡᠷ᠎ᠡ ᠬᠠᠵᠠᠭᠤ ᠲᠤᠭᠤᠭᠰᠢ ᠬᠠᠨᠳᠤᠭᠤᠯᠤᠨ ᠬᠦᠨ ᠨᠦᠭᠡ ᠮᠠᠯᠳᠠᠬᠤ | ᠵᠡᠷᠭᠡ ᠢᠯᠡᠷᠡᠯ ᠪᠤᠯ ᠲᠤᠭᠰᠢᠨ ᠪᠤᠷᠤᠭ᠎ᠠ ᠤᠷᠤᠬᠤ ᠶᠢᠨ ᠰᠢᠨᠵᠢ᠃ | 125 ᠠᠯᠠᠭ ᠲᠤᠩᠬᠠᠢ ᠬᠠᠰᠬᠢᠷᠪᠠᠯ ᠮᠠᠯ ᠠᠯᠳᠠᠬᠤ ᠪᠤᠶᠤ᠂ ᠴᠢᠨ᠋ᠸ᠎ᠠ ᠠᠷᠢᠶᠠᠳᠠᠨ ᠳᠤ ᠲᠠᠳᠠᠭᠳᠠᠬᠤ ᠠᠶᠤᠯ | ᠲᠠᠢ᠃ | 126 ᠬᠤᠨᠢᠨ ᠡᠳᠦᠷ ᠪᠤᠷᠤᠭᠠᠨ ᠤᠷᠤᠭᠠᠳ ᠡᠳᠦᠷ ᠲᠡᠭᠡᠨ ᠭᠡᠶᠢᠬᠦ ᠦᠭᠡᠢ ᠪᠤᠯ ᠦᠭᠡᠷ ᠡᠳᠦᠷ ᠪᠤᠯᠳᠠᠯ᠎ᠠ | ᠦᠷᠭᠦᠯᠵᠢᠯᠡᠳᠡᠭ ᠭᠡᠳᠡᠭ᠃ ᠦᠭᠡᠷ ᠡᠳᠦᠷ ᠨᠢ ᠬᠦᠷᠦᠭᠡᠳ ᠮᠥᠨ ᠭᠡᠶᠢᠬᠦ ᠦᠭᠡᠢ ᠪᠤᠯ ᠪᠠᠰᠠ ᠵᠠᠯᠭᠠᠭᠠᠳ ᠲᠤᠯᠤᠭᠠᠨ | ᠡᠳᠦᠷ ᠪᠤᠷᠤᠭᠠᠯᠠᠨ᠎ᠠ᠃ | 127 ᠲᠡᠭᠷᠢ ᠮᠠᠭᠤᠬᠠᠨ ᠰᠢᠭ᠋ ᠪᠠᠶᠢᠬᠤ ᠦᠶ᠎ᠡ ᠨᠠᠷᠠ ᠴᠢᠬᠢᠯᠡᠵᠤ ᠰᠢᠩᠭᠡᠪᠡᠯ ᠰᠠᠶᠢᠬᠠᠨ ᠡᠳᠦᠷ ᠪᠤᠯᠬᠤ ᠶᠢᠨ | ᠲᠡᠮᠳᠡᠭ᠂ ᠭᠡᠷᠪᠡ ᠰᠠᠶᠢᠬᠠᠨ ᠡᠳᠦᠷ ᠤᠨ ᠨᠠᠷᠠ ᠨᠢ ᠴᠢᠬᠢᠯᠡᠵᠤ ᠰᠢᠩᠭᠡᠪᠡᠯ ᠲᠡᠭᠷᠢ ᠬᠤᠪᠢᠯᠬᠤ ᠶᠢᠨ ᠲᠡᠮᠳᠡᠭ᠃ | 128 ᠨᠠᠮᠤᠷ ᠤᠨ ᠪᠤᠷᠤᠭᠠᠨ ᠤ ᠲᠠᠷᠠᠭ᠎ᠠ ᠮᠦᠬᠦ ᠤᠯᠠᠨ ᠭᠠᠷᠤᠭᠰᠠᠨ ᠪᠤᠯ ᠡᠪᠦᠯ ᠨᠢ ᠲᠤᠯᠠᠭᠠᠨ ᠪᠤᠯᠵᠤ᠂ | ᠮᠦᠬᠦ ᠲᠡᠮᠡᠢ ᠭᠠᠷᠬᠤ ᠦᠭᠡᠢ ᠪᠤᠯ ᠢᠷᠡᠬᠦ ᠡᠪᠦᠯ ᠨᠢ ᠴᠠᠰᠤ ᠲᠠᠢ ᠬᠦᠢᠳᠡᠨ ᠪᠤᠯᠤᠨ᠎ᠠ᠃ | 129 ᠮᠤᠤᠷ ᠴᠠᠭᠠᠷᠢᠭᠯᠠᠵᠤ ᠭᠡᠪᠳᠡᠪᠡᠯ ᠲᠡᠭᠷᠢ ᠬᠦᠢᠳᠡᠷᠡᠨ᠎ᠠ᠂ ᠰᠤᠨᠤᠵᠤ ᠭᠡᠪᠳᠡᠪᠡᠯ ᠲᠤᠯᠠᠭᠠᠷᠠᠨᠠ᠃ | 130 ᠨᠤᠬᠠᠢ ᠭᠠᠵᠠᠷ ᠬᠦᠷᠪᠡᠪᠡᠯ ᠪᠤᠷᠤᠭᠠᠨ ᠤᠷᠤᠨ᠎ᠠ᠂ ᠰᠤᠨᠤᠭᠠᠵᠤ ᠭᠡᠪᠳᠠᠪᠠᠯ ᠲᠤᠯᠠᠭᠠᠨ ᠪᠤᠯᠤᠨ᠎ᠠ᠃ |