ᠹᠠᠯᠤᠷᠳᠤ ᠶᠠᠰᠤᠨ ᠤ ᠡᠪᠡᠳᠴᠢᠨ ᠢ ᠰᠡᠷᠭᠡᠶᠢᠯᠡᠨ ᠡᠮᠴᠢᠯᠡᠭᠦ ᠲᠤᠬᠠᠢ
ᠨᠡᠶᠢᠲᠡᠯᠡᠭᠰᠡᠨ ᠴᠠᠭ᠄
2024/1/15
     ᠹᠠᠯᠤᠷᠳᠤ ᠶᠠᠰᠤᠨ ᠤ ᠡᠪᠡᠳᠴᠢᠨ ᠪᠤᠯ ᠭᠤᠤᠯᠳᠠᠭᠤ ᠹᠠᠯᠤᠷᠳᠤ ᠤᠰᠤ ᠠᠴᠠ ᠪᠤᠯᠵᠤ ᠡᠪᠡᠳᠴᠢᠯᠡᠳᠡᠭ ᠨᠢᠭᠡ ᠵᠤᠶᠢᠯ ᠤᠨ ᠡᠪᠡᠳᠴᠢᠨ ᠪᠤᠯᠤᠨ᠎ᠠ᠃ ᠤᠶᠢᠷ᠎ᠠ ᠶᠢᠨ ᠬᠡᠳᠤᠨ ᠵᠢᠯ ᠤᠯᠤᠰ ᠤᠷᠤᠨ ᠠᠴᠠ ᠹᠠᠯᠤᠷᠳᠤ ᠤᠰᠤ ᠶᠢ ᠰᠠᠶᠢᠵᠢᠷᠠᠭᠤᠯᠬᠤ ᠠᠷᠭ᠎ᠠ ᠬᠡᠮᠵᠢᠶ᠎ᠡ ᠠᠪᠴᠤ᠂ ᠤᠰᠤᠨ ᠱᠥᠭᠦᠯᠳᠤᠭᠦᠷ ᠭᠢᠭᠦ ᠵᠡᠷᠭᠡ ᠠᠷᠭ᠎ᠠ ᠶᠢ ᠠᠪᠤᠭᠰᠠᠨ ᠪᠤᠯᠪᠠᠴᠤ ᠮᠥᠨ ᠯᠡ ᠡᠨᠡᠭᠦ ᠡᠪᠡᠳᠴᠢᠨ ᠳᠤ ᠨᠡᠷᠪᠡᠭᠳᠡᠬᠦ ᠨᠤᠷᠮ᠎ᠠ ᠪᠠᠭᠤᠷᠠᠬᠤ ᠦᠭᠡᠢ ᠪᠠᠶᠢᠨ᠎ᠠ᠃ ᠡᠨᠡᠭᠦ ᠡᠪᠡᠳᠴᠢᠨ ᠢ ᠰᠡᠷᠭᠡᠶᠢᠯᠡᠨ ᠵᠠᠰᠠᠬᠤ ᠳᠤ ᠶᠠᠭᠤᠨ ᠤ ᠡᠮᠤᠨ᠎ᠡ ᠤᠯᠤᠰ ᠤᠷᠤᠨ ᠤ ᠠᠪᠴᠤ ᠪᠠᠶᠢᠭ᠎ᠠ ᠲᠥᠷᠤ ᠶᠢᠨ ᠪᠤᠳᠤᠯᠭ᠎ᠠ ᠲᠠᠢ ᠰᠠᠶᠢᠳᠤᠷ ᠬᠠᠮᠵᠢᠯᠴᠠᠵᠤ᠂ ᠠᠷᠢᠭᠤᠨ ᠴᠡᠪᠡᠷ ᠢ ᠡᠷᠭᠢᠮᠯᠡᠵᠤ᠂ ᠹᠠᠯᠤᠷᠳᠤ ᠤᠰᠤ ᠶᠢ ᠰᠡᠷᠭᠡᠶᠢᠯᠡᠨ ᠵᠠᠰᠠᠬᠤ ᠠᠵᠢᠯ ᠢ ᠰᠠᠶᠢᠳᠤᠷ ᠭᠢᠭᠦ ᠬᠡᠷᠡᠭᠳᠠᠢ᠃      ᠲᠣᠰ ᠡᠪᠡᠳᠴᠢᠨ ᠤ ᠶᠡᠷᠤ ᠶᠢᠨ ᠰᠢᠨᠵᠢ ᠭᠡᠪᠡᠯ᠄ ᠰᠠᠭᠤᠳᠠᠯ ᠶᠠᠰᠤᠨ ᠤ ᠮᠡᠳᠡᠷᠡᠯ᠂ ᠭᠠᠷ ᠤᠨ ᠬᠤᠷᠤᠭᠤᠨ ᠤ ᠦᠶ᠎ᠡ᠂ ᠭᠥᠯ ᠤᠨ ᠦᠶ᠎ᠡ ᠡᠪᠡᠳᠭᠦ᠂ ᠭᠥᠨᠳᠤ ᠨᠢ ᠮᠡᠳᠡᠭᠡ ᠠᠯᠳᠠᠬᠤ᠂ ᠰᠢᠳᠤ ᠬᠠᠷᠠᠯᠠᠬᠤ᠂ ᠶᠠᠰᠤ ᠬᠠᠷᠠᠯᠠᠬᠤ᠂ ᠪᠤᠯᠴᠢᠩ ᠨᠠᠷᠢᠰᠬᠤ᠂ ᠲᠦᠷᠪᠡᠨ ᠮᠥᠴᠡ ᠨᠢ ᠮᠡᠳᠡᠷᠡᠯ ᠠᠯᠳᠠᠬᠤ ᠵᠡᠷᠭᠡ ᠰᠢᠨᠵᠢ ᠢᠯᠡᠷᠡᠳᠡᠭ ᠶᠤᠮ᠃      ᠡᠮᠴᠢᠯᠡᠭᠦ ᠵᠠᠷᠴᠢᠮ᠄ ᠡᠪᠡᠳᠴᠢᠳᠡᠨ ᠤ ᠪᠡᠶ᠎ᠡ ᠮᠠᠬᠠᠪᠤᠳ᠂ ᠲᠠᠮᠢᠷ ᠬᠡᠪ ᠤᠨ ᠪᠠᠶᠢᠳᠠᠯ ᠢᠶᠠᠨ ᠠᠯᠳᠠᠭᠰᠡᠨ ᠵᠡᠷᠭᠡ  ᠶᠢ ᠭᠤᠤᠯ ᠠᠳᠬᠤᠵᠤ᠂ ᠮᠡᠳᠡᠷᠡᠯ ᠶᠢ ᠰᠠᠶᠢᠵᠢᠷᠠᠭᠤᠯᠤᠨ᠂ ᠮᠠᠬᠠᠪᠤᠳ ᠢ ᠲᠡᠭᠰᠢᠳᠭᠡᠵᠤ᠂ ᠬᠤᠤᠷ ᠢ ᠲᠠᠶᠢᠯᠠᠬᠤ᠂ ᠲᠠᠮᠢᠷ ᠢ ᠨᠥᠭᠦᠭᠦ᠂ ᠡᠪᠡᠳᠭᠦ ᠶᠢ ᠵᠤᠭᠰᠤᠭᠠᠬᠤ ᠵᠠᠷᠴᠢᠮ ᠢ ᠪᠠᠷᠢᠮᠳᠠᠯᠠᠵᠤ ᠵᠠᠰᠠᠨ᠎ᠠ᠃      ᠠᠩᠬᠠᠳᠤᠭᠴᠢ ᠡᠮᠴᠢᠯᠡᠭᠡ᠄      ᠡᠮ ᠢᠶᠠᠷ ᠵᠠᠰᠠᠬᠤ᠄ ᠥᠷᠯᠤᠭᠡ᠄ ᠠᠭᠠᠷᠤ 35 ᠶᠢ1.5 ᠭᠷᠠᠮ᠂ ᠵᠠᠴᠥᠩ 13 ᠶᠢ 0.5 ᠭᠷᠠᠮ᠂ ᠬᠤᠨᠢᠨ ᠮᠢᠬᠠᠨ ᠱᠥᠯᠤ ᠪᠠᠷ ᠲᠠᠷᠤᠭᠤᠯᠵᠤ ᠤᠤᠭᠤᠯᠭᠠᠨ᠂ ᠦᠳᠡ ᠳᠤ ᠲᠠᠩᠴᠢᠨ 25 ᠶᠢ 3 ᠭᠷᠠᠮ ᠪᠤᠷᠠᠮ ᠲᠠᠢ ᠪᠥᠷᠢᠵᠤ ᠲᠠᠮᠢᠷᠵᠢᠭᠤᠯᠤᠭᠴᠢ ᠨᠠᠷᠡᠨᠮᠠᠨᠳᠤᠯ 1.5 ᠭᠷᠠᠮ᠂ ᠳ᠋ᠤᠤᠽᠢ ᠠᠯᠮᠠᠰ 1.5 ᠭᠷᠠᠮ ᠢ ᠡᠭᠡᠯᠵᠢᠯᠡᠭᠦᠯᠵᠤ ᠲᠠᠷᠤᠭᠤᠯᠵᠤ ᠤᠤᠭᠤᠯᠭᠠᠨ᠎ᠠ᠃ ᠤᠷᠤᠢ ᠨᠢ᠄ ᠪᠡᠷᠡᠩᠪᠧᠷᠡᠯ ᠳ᠋ᠠ ᠤᠳ 1.5 ᠭᠷᠠᠮ᠂ ᠪᠤᠯᠤᠨ ᠰᠡᠩᠳᠡᠩ 25 ᠶᠢ1.5 ᠭᠷᠠᠮ ᠬᠤᠶᠠᠷ ᠢ ᠡᠭᠡᠯᠵᠢᠯᠡᠭᠦᠯᠵᠤ ᠤᠰᠤ ᠪᠠᠷ ᠲᠠᠷᠠᠭᠤᠯᠵᠤ ᠤᠤᠭᠤᠯᠭᠠᠨ᠎ᠠ᠃ ᠠᠩᠬᠠᠳᠤᠭᠴᠢ ᠵᠠᠰᠠᠯᠭ᠎ᠠ ᠨᠢ 45 ᠠᠴᠠ 60 ᠬᠤᠨᠤᠭ ᠬᠡᠷᠡᠭᠰᠡᠨ᠎ᠡ᠃              ᠭᠠᠳᠠᠷ ᠵᠠᠰᠠᠯᠭ᠎ᠠ᠄ ᠨᠥᠭᠦᠴᠢᠯ ᠲᠠᠢ ᠪᠤᠯ ᠲᠠᠪᠤᠨ ᠴᠡᠴᠡᠭ ᠢ ᠷᠠᠰᠢᠶᠠᠨ ᠳᠤ ᠰᠠᠭᠤᠯᠭᠠᠬᠤ᠂ ᠵᠥᠩᠯᠤᠨ 5 ᠲᠠᠩ ᠢ 5 ᠭᠷᠠᠮ ᠢ ᠴᠢᠨᠠᠵᠤ ᠴᠡᠪᠡᠷ ᠪᠥᠰ ᠲᠥᠷᠢᠵᠤ ᠵᠢᠩ ᠪᠠᠷᠢᠬᠤ ᠵᠡᠷᠭᠡ ᠠᠷᠭ᠎ᠠ ᠶᠢ ᠬᠡᠷᠡᠭᠯᠡᠪᠡᠯ ᠡᠳᠡᠭᠷᠡᠭᠦ ᠨᠤᠷᠮ᠎ᠠ ᠥᠨᠳᠤᠷ ᠪᠠᠶᠢᠳᠠᠭ᠃              ᠰᠡᠭᠦᠯ ᠤᠨ ᠬᠤᠭᠤᠴᠠᠭᠠᠨ ᠳᠤ᠄ ᠳ᠋ᠥ᠋‌‍ᠳᠽᠢ ᠠᠯᠮᠠᠰ 1.5 ᠭᠷᠠᠮ ᠲᠡᠬᠡᠷ᠎ᠡ ᠶᠠᠰᠤᠨ ᠡᠷᠳᠡᠨᠢ 1.5 ᠭᠷᠠᠮ ᠢ ᠬᠤᠨᠢᠨ ᠤ ᠶᠠᠰᠤᠨ ᠤ ᠱᠥᠯᠤ ᠪᠠᠷ ᠲᠠᠷᠤᠭᠤᠯᠵᠤ ᠤᠤᠭᠤᠯᠭᠠᠨ᠎ᠠ᠃ ᠦᠳᠡ ᠳᠤ᠄ ᠪᠤᠩᠷᠾᠠᠭ 25 ᠶᠢ1.5 ᠭᠷᠠᠮ ᠪᠤᠯᠤᠨ ᠽᠥᠩᠴᠢᠨ 17 ᠬᠤᠶᠠᠷ ᠶᠢ ᠡᠭᠡᠯᠵᠢᠯᠡᠭᠦᠵᠤ ᠵᠥᠩᠯᠤᠨ 5 ᠶᠢᠨ ᠲᠠᠩ ᠢᠶᠠᠷ ᠲᠠᠷᠤᠭᠤᠯᠵᠤ ᠤᠤᠭᠤᠯᠭᠠᠨ᠎ᠠ᠃ ᠤᠷᠤᠢ ᠨᠢ᠄ ᠵᠠᠴᠥᠩ 13 ᠶᠢ 1.5 ᠭᠷᠠᠮ ᠲᠡᠬᠡᠷ᠎ᠡ ᠶᠥᠭᠦᠰᠢᠩ15 ᠶᠢ 1.5 ᠭᠷᠠᠮ ᠶᠠᠰᠤᠨ ᠱᠥᠯᠤ ᠢᠶᠠᠷ ᠲᠠᠷᠤᠭᠤᠯᠵᠤ ᠤᠤᠭᠤᠯᠭᠠᠨ᠎ᠠ᠃ ᠰᠡᠭᠦᠯᠴᠢ ᠶᠢᠨ ᠡᠮ ᠢ ᠭᠤᠷᠪᠠᠨ ᠰᠠᠷ᠎ᠠ ᠤᠤᠭᠤᠯᠭᠠᠨ᠎ᠠ᠃ ᠡᠨᠡ ᠮᠡᠳᠤ ᠪᠠᠷ 5᠊6 ᠰᠠᠷ᠎ᠠ ᠤᠤᠭᠤᠯᠭᠠᠪᠠᠯ ᠹᠠᠯᠤᠷᠳᠤ ᠶᠠᠰᠤᠨ ᠤ ᠡᠪᠡᠳᠴᠢᠨ ᠢ ᠵᠠᠰᠠᠵᠤ ᠲᠡᠶᠢᠯᠭᠦ ᠶᠢ ᠡᠮᠴᠢᠯᠡᠭᠡᠨ ᠤ ᠲᠤᠷᠰᠢᠯᠭ᠎ᠠ ᠭᠡᠷᠴᠢᠯᠡᠭᠰᠡᠨ ᠪᠠᠶᠢᠨ᠎ᠠ᠃ ᠡᠳᠡᠭᠡᠷ ᠡᠮ ᠤᠳ ᠢ ᠦᠷᠭᠦᠯᠵᠢ ᠤᠤᠭᠤᠪᠠᠯ ᠹᠠᠯᠤᠷᠳᠤ ᠶᠠᠰᠤᠨ ᠤ ᠡᠪᠡᠳᠴᠢᠨ ᠤᠯᠬᠤ  ᠠᠴᠠ ᠰᠡᠷᠭᠡᠶᠢᠯᠡᠬᠦ ᠤᠶᠢᠯᠡᠳᠤᠯ ᠲᠠᠢ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号