ᠤᠩᠨᠢᠭᠤᠳ ᠬᠤᠰᠢᠭᠤᠨ ᠳᠤ ᠤᠷᠭᠤᠳᠠᠭ ᠡᠮᠳᠦ ᠤᠷᠭᠤᠮᠠᠯ ︵ᠨᠠᠢᠮᠠ︶
ᠨᠡᠶᠢᠲᠡᠯᠡᠭᠰᠡᠨ ᠴᠠᠭ᠄
2023/12/25
     84. ᠪᠠᠷ ᠴᠡᠴᠡᠭ ︵飞燕草︶ ᠪᠤᠯ ᠬᠤᠯᠳᠤᠰᠤᠨ ᠴᠡᠴᠡᠭ ᠤᠨ ᠢᠵᠠᠭᠤᠷ᠂ ᠪᠠᠷ ᠴᠡᠴᠡᠭ ᠤᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠡᠪᠡᠰᠦ ᠨᠢ ᠡᠮ ᠳᠤ ᠤᠷᠤᠨ᠎ᠠ᠃ ᠨᠢᠶᠠᠨ ᠭᠢᠵᠢᠭ  ᠤᠨ ᠬᠠᠯᠠᠭᠤᠨ ᠠᠴᠠ ᠪᠤᠯᠤᠭᠰᠠᠨ ᠤᠯᠠᠭᠠᠨ ᠢᠶᠠᠷ ᠰᠠᠭᠤᠯᠭᠠᠬᠤ᠂ ᠶᠤᠯᠬᠤᠳᠠᠰᠤ᠂ ᠰᠢᠷ᠎ᠠ ᠤᠰᠤᠨ ᠡᠪᠡᠳᠴᠢᠨ᠂ ᠭᠡᠢ ᠬᠠᠯᠠᠭᠤᠨ ᠳᠤ ᠰᠢᠳᠦ ᠡᠪᠡᠳᠭᠦ᠂ ᠶᠠᠷ᠎ᠠ ᠵᠡᠷᠭᠡ ᠶᠢ ᠵᠠᠰᠠᠨ᠎ᠠ᠃ ᠲᠦᠪᠡᠳ ᠢᠶᠠᠷ ᠵᠠᠭᠠᠩ ᠭᠡᠳᠡᠭ᠃      85.ᠴᠢᠳᠦᠷ ᠡᠪᠡᠰᠦ ︵马绊草  獐毛︶ ᠪᠤᠯ ᠦᠶᠡᠳᠦ ᠤᠷᠭᠤᠮᠠᠯ ᠤᠨ ᠢᠵᠠᠭᠤᠷ᠂ ᠴᠢᠳᠦᠷ ᠡᠪᠡᠰᠦᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠶᠤᠮ᠃ ᠪᠦᠭᠦᠯᠢ ᠡᠪᠡᠰᠦ ᠨᠢ ᠡᠮ ᠳᠤ ᠤᠷᠤᠨ᠎ᠠ᠃ ᠡᠯᠢᠭᠡᠨ ᠤ ᠲᠦᠷᠭᠡᠨ ᠪᠠ ᠤᠳᠠᠭᠠᠨ ᠴᠢᠨᠠᠷᠳᠠᠢ ᠰᠢᠷᠠᠯᠠᠬᠤ ᠦᠷᠪᠢᠰᠦᠯ᠂ ᠰᠦᠰᠦᠨ ᠤᠭᠤᠳᠠ ᠶᠢᠨ ᠦᠷᠪᠢᠰᠦᠯ᠂ ᠭᠡᠪᠡᠯᠢ ᠬᠠᠪᠤᠩᠨᠠᠵᠤ ᠡᠯᠢᠭᠡ ᠬᠠᠳᠠᠭᠤᠷᠠᠭᠰᠠᠨ ᠵᠡᠷᠭᠡ ᠶᠢ ᠵᠠᠰᠠᠨ᠎ᠠ᠃      86.ᠪᠤᠬ᠎ᠠ ᠡᠪᠡᠰᠦ ︵ᠮᠢᠭᠮᠡᠨ︶ ︵老鹳草  龙牛儿苗︶ ᠪᠤᠯ ᠪᠤᠬ᠎ᠠ ᠡᠪᠡᠰᠦᠨ ᠤ ᠢᠵᠠᠭᠤᠷ᠂ ᠮᠠᠨᠵᠢᠤᠬᠠᠢ ᠶᠢᠨ ᠲᠦᠷᠦᠯ ᠤᠨ ᠨᠢᠭᠡ ᠨᠠᠰᠤᠳᠤ ᠡᠪᠡᠰᠦᠯᠢᠭ ᠤᠷᠭᠤᠮᠠᠯ ᠶᠤᠮ᠃ ᠪᠦᠭᠦᠯᠢ ᠡᠪᠡᠰᠦ ᠨᠢ ᠡᠮ  ᠳᠤ ᠤᠷᠤᠨ᠎ᠠ᠃ ᠰᠢᠷ᠎ᠠ ᠤᠰᠤ ᠶᠢ ᠠᠷᠢᠯᠭᠠᠬᠤ᠂ ᠬᠠᠯᠠᠭᠤᠨ ᠢ ᠲᠠᠷᠤᠬᠤ᠂ ᠨᠢᠳᠦᠨ ᠤ ᠴᠠᠭ᠎ᠠ ᠶᠢ ᠠᠷᠢᠯᠭᠠᠬᠤ᠂ ᠴᠢᠰᠤᠨ  ᠤ ᠭᠦᠶᠦᠳᠡᠯ ᠢ ᠰᠠᠶᠢᠵᠢᠷᠠᠭᠤᠯᠬᠤ᠂ ᠰᠠᠭᠤᠯᠭᠠᠬᠤ ᠶᠢ ᠵᠤᠭᠰᠤᠭᠠᠬᠤ ᠵᠡᠷᠭᠡ ᠴᠢᠳᠠᠯ ᠲᠠᠢ᠃      87.ᠢᠯᠠᠭᠠᠨ ᠬᠤᠸᠠᠷ ︵二色补血草︶ ᠪᠤᠯ ᠢᠯᠠᠭ᠎ᠠ ᠬᠤᠸᠠᠷ ᠤᠨ ᠢᠵᠠᠭᠤᠷ᠂ ᠢᠯᠠᠭᠠᠨ ᠬᠤᠸᠠᠷ ᠤᠨ ᠲᠦᠷᠦᠯ ᠤᠨ ᠤᠯᠠᠨ  ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠦᠨᠳᠦᠰᠦ᠂ ᠴᠡᠴᠡᠭᠳᠦ ᠰᠠᠯᠠᠭ᠎ᠠ᠂ ᠨᠠᠪᠴᠢ ᠨᠢ ᠡᠮ ᠳᠤ ᠤᠷᠤᠨ᠎ᠠ᠃ ᠦᠨᠳᠦᠰᠦ ᠨᠢ ᠪᠡᠶ᠎ᠡ ᠶᠢᠨ ᠲᠠᠮᠢᠷ ᠳᠤᠷᠤᠢ᠂ ᠢᠳᠡᠭᠡᠨ ᠳᠤ ᠳᠤᠷ᠎ᠠ ᠦᠭᠡᠢ ᠶᠢ ᠵᠠᠰᠠᠨ᠎ᠠ᠃ ᠨᠠᠪᠴᠢ ᠨᠢ ᠬᠤᠳᠤᠭᠤᠳᠤ   ᠶᠢᠨ ᠰᠢᠷᠬᠠᠯᠠᠭ᠎ᠠ᠂ ᠬᠤᠳᠤᠭᠤᠳᠤ ᠡᠪᠡᠳᠭᠦ᠂ ᠬᠤᠳᠤᠭᠤᠳᠤ ᠶᠢᠨ ᠦᠮᠠᠨ ᠢ ᠵᠠᠰᠠᠨ᠎ᠠ᠃ ᠴᠡᠴᠡᠭᠳᠤ ᠰᠠᠯᠠᠭ᠎ᠠ ᠨᠢ ᠰᠠᠪᠠ ᠶᠢᠨ ᠠᠵᠢᠯᠯᠠᠭᠠᠨ ᠤ ᠴᠢᠨᠠᠷᠲᠠᠢ ᠴᠢᠰᠤ ᠭᠠᠷᠬᠤ᠂ ᠰᠠᠪᠠᠨ ᠤ ᠭᠦᠵᠦᠭᠦᠦ ᠶᠢᠨ ᠦᠮᠠᠨ᠂ ᠴᠢᠰᠤ ᠭᠠᠷᠬᠤ ᠵᠡᠷᠭᠡ ᠶᠢ  ᠵᠠᠰᠠᠨ᠎ᠠ᠃      88.ᠠᠶᠠᠭᠠᠨ ᠴᠡᠴᠡᠭ ︵打碗花︶ ᠪᠤᠯ ᠠᠶᠠᠭᠠᠨ ᠴᠡᠴᠡᠭ ᠤᠨ ᠢᠵᠠᠭᠤᠷ᠂ ᠠᠶᠠᠭᠠᠨ ᠴᠡᠴᠡᠭ ᠤᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠦᠨᠳᠦᠰᠦ ᠨᠢ ᠡᠮ ᠳᠤ ᠤᠷᠤᠨ᠎ᠠ᠃ ᠰᠠᠷ᠎ᠠ ᠶᠢᠨ ᠭᠬᠢᠷ ᠳᠡᠭᠰᠢ ᠦᠭᠡᠢ᠂ ᠶᠠᠰᠤ ᠬᠤᠭᠤᠷᠠᠭᠰᠠᠨ᠂ ᠤᠶᠢᠴᠢᠵᠤ ᠲᠤᠰᠤᠭᠰᠠᠨ ᠰᠢᠷᠬ᠎ᠠ᠂ ᠤᠰᠤᠨ ᠬᠠᠪᠤᠩ᠂ ᠰᠢᠩᠭᠡᠯᠳᠡ  ᠮᠠᠭᠤᠳᠠᠭᠰᠠᠨ ᠵᠡᠷᠭᠡ ᠶᠢ ᠵᠠᠰᠠᠨ᠎ᠠ᠃      89.ᠪᠠᠳᠤᠯᠠ ︵抱茎苦买菜︶ ᠪᠤᠯ ᠤᠳᠠᠪᠠᠯ᠎ᠠ ᠶᠢᠨ ᠢᠵᠠᠭᠤᠷ᠂ ᠰᠦᠰᠦ ᠡᠪᠡᠰᠦᠨ ᠤ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠶᠤᠮ᠃ ᠪᠦᠭᠦᠯᠢ ᠡᠪᠡᠰᠦ ᠨᠢ ᠡᠮ ᠳᠤ ᠤᠷᠤᠨ᠎ᠠ᠃ ᠰᠢᠷ᠎ᠠ ᠶᠢ ᠲᠠᠷᠤᠬᠤ᠂ ᠲᠤᠷ᠎ᠠ ᠶᠢ ᠨᠡᠭᠡᠭᠡᠭᠦ᠂ ᠬᠤᠷᠤᠬᠠᠢ ᠶᠢ ᠠᠷᠢᠯᠭᠠᠬᠤ ᠴᠢᠳᠠᠯ ᠲᠠᠢ᠃ ᠤᠳᠤ ᠪᠠᠰᠠ ᠵᠢᠷᠤᠭᠡ ᠰᠤᠳᠠᠯ ᠤᠨ ᠡᠪᠡᠳᠴᠢᠨ ᠢ  ᠵᠠᠰᠠᠬᠤ ᠳᠤ ᠶᠡᠭᠡᠪᠡᠷ ᠵᠠᠷᠤᠵᠤ ᠪᠠᠶᠢᠨ᠎ᠠ᠃      90. ᠵᠦᠯᠭᠦᠷ ᠡᠪᠡᠰᠦ ︵ᠠᠸ᠎ᠠ︶ ︵木贼︶ ᠪᠤᠯ ᠵᠦᠯᠭᠦᠷ ᠡᠪᠡᠰᠦᠨ ᠢᠵᠠᠭᠤᠷ᠂ ᠵᠦᠯᠭᠦᠷ ᠡᠪᠡᠰᠦᠨ ᠲᠦᠷᠦᠯ ᠤᠨ ᠤᠯᠠᠨ ᠨᠠᠰᠤᠳᠤ ᠮᠦᠩᠭᠡ ᠨᠤᠭᠤᠭᠠᠨ ᠡᠪᠡᠰᠦᠯᠢᠭ ᠤᠷᠭᠤᠮᠠᠯ ᠪᠤᠯᠤᠨ᠎ᠠ᠃ ᠭᠠᠵᠠᠷ ᠳᠡᠭᠡᠷᠡᠭᠢ ᠡᠪᠡᠰᠦ ᠨᠢ ᠡᠮ ᠳᠤ ᠤᠷᠤᠨ᠎ᠠ᠃ ᠭᠡᠭᠦᠳᠡᠭ ᠤᠨ ᠰᠢᠷᠬ᠎ᠠ᠂ ᠨᠢᠳᠦᠨ ᠤ ᠰᠠᠯᠢᠰᠤᠳᠤ ᠪᠦᠷᠭᠦᠪᠴᠢ ᠶᠢᠨ ᠦᠷᠪᠢᠰᠦᠯ᠂ ᠡᠪᠡᠷᠯᠢᠭ ᠪᠦᠷᠭᠦᠪᠴᠢ ᠶᠢᠨ ᠦᠷᠪᠢᠰᠦᠯ᠂ ᠴᠢᠰᠤ ᠲᠠᠢ ᠪᠠᠭᠠᠬᠤ᠂ ᠬᠤᠰᠭᠢᠨᠠᠭ ᠤᠨ ᠭᠦᠪᠳᠤᠷᠤ ᠠᠴᠠ ᠴᠢᠰᠤ ᠭᠠᠷᠬᠤ᠂ ᠴᠠᠭᠠᠨ ᠮᠢᠬ᠎ᠠ ᠤᠷᠪᠠᠭ᠋ᠤ᠂ ᠦ ᠵᠡᠷᠭᠡ ᠶᠢ ᠵᠠᠰᠠᠨ᠎ᠠ᠃      91.ᠭᠠᠵᠠᠷ ᠪᠠᠷᠢᠭᠴᠢ ᠡᠪᠡᠰᠦ ︵ᠭᠠᠵᠠᠷ ᠨᠤᠭᠤᠭ᠎ᠠ︶ ︵附地草︶ ᠪᠤᠯ ᠪᠢᠷᠢᠮᠤᠭ ᠤᠨ ᠢᠵᠠᠭᠤᠷ᠂ ᠭᠠᠵᠠᠷ ᠨᠤᠭᠤᠭ᠎ᠠ ᠶᠢᠨ ᠲᠦᠷᠦᠯ ᠤᠨ ᠨᠢᠭᠡ ᠨᠠᠰᠤᠳᠤ ᠵᠢᠵᠢᠭ ᠡᠪᠡᠰᠦᠯᠢᠭ ᠤᠷᠭᠤᠮᠠᠯ ᠶᠤᠮ᠃ ᠪᠦᠭᠦᠯᠢ ᠡᠪᠡᠰᠦ ᠨᠢ ᠡᠮ ᠳᠤ ᠤᠷᠤᠨ᠎ᠠ᠃ ᠲᠠᠭᠰᠢᠭᠤᠷ᠂ ᠶᠤᠯᠬᠤᠳᠠᠰᠤ᠂ ᠬᠠᠪᠢᠷᠭ᠎ᠠ ᠶᠢᠨ ᠶᠠᠰᠤᠨ ᠤ ᠨᠢᠮᠭᠡᠨ ᠪᠦᠷᠭᠦᠭᠦᠯ ᠤᠨ ᠦᠷᠪᠢᠰᠦᠯ ᠵᠡᠷᠭᠡ ᠶᠢ ᠵᠠᠰᠠᠨ᠎ᠠ᠃      92.ᠦᠭᠡᠷ ᠰᠢᠮᠡᠯᠳᠡᠭ ︵ᠬᠠᠷ᠎ᠠ ᠴᠦᠮᠠᠽᠢ︶ ︵酸模叶蓼︶ ᠪᠤᠯ ᠰᠢᠮᠡᠯᠳᠡᠭ ᠤᠨ ᠢᠵᠠᠭᠤᠷ᠂ ᠰᠢᠮᠡᠯᠳᠡᠭ ᠤᠨ ᠲᠦᠷᠦᠯ ᠤᠨ ᠨᠢᠭᠡ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠦᠨᠳᠦᠰᠦ ᠪᠤᠯᠤᠨ ᠪᠦᠭᠦᠯᠢ ᠡᠪᠡᠰᠦ ᠨᠢ ᠡᠮ ᠳᠤ ᠤᠷᠤᠨ᠎ᠠ᠃ ᠤᠰᠤᠨ ᠬᠠᠪᠤᠩ᠂ ᠰᠢᠷ᠎ᠠ ᠤᠰᠤᠨ ᠡᠪᠡᠳᠴᠢᠨ᠂ ᠤᠮᠳᠠᠭᠠᠰᠬᠤ ᠵᠡᠷᠭᠡ ᠶᠢ ᠵᠠᠰᠠᠨ᠎ᠠ᠃      93.ᠭᠠᠰᠢᠭᠤᠨ ᠨᠤᠭᠤᠭ᠎ᠠ ︵ᠵᠠᠺᠦᠷ︶ ︵苦苣卖菜︶ ᠪᠤᠯ ᠤᠳᠠᠪᠠᠯ᠎ᠠ ᠶᠢᠨ ᠢᠵᠠᠭᠤᠷ᠂ ᠭᠠᠰᠢᠭᠤᠨ ᠨᠤᠭᠤᠭ᠎ᠠ ᠶᠢᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠴᠡᠴᠡᠭ ᠪᠠ ᠡᠪᠡᠰᠦ  ᠨᠢ ᠡᠮ ᠳᠤ ᠤᠷᠤᠨ᠎ᠠ᠃ ᠭᠦᠮᠦᠨ ᠮᠠᠯ ᠢᠳᠡᠵᠤ ᠪᠤᠯᠤᠨ᠎ᠠ᠃ ᠰᠢᠷ᠎ᠠ ᠶᠢ ᠳᠠᠷᠤᠬᠤ᠂ ᠳᠤᠷ᠎ᠠ ᠶᠢ ᠨᠡᠭᠡᠭᠡᠭᠦ᠂ ᠬᠤᠤᠷ᠎ᠠ ᠶᠢ ᠲᠠᠶᠢᠯᠬᠤ᠂ ᠦᠭᠡᠷᠢ ᠶᠢ ᠳᠠᠳᠠᠬᠤ᠂ ᠴᠢᠰᠤᠨ ᠤ ᠬᠠᠯᠠᠭᠤᠨ ᠢ ᠠᠷᠢᠯᠭᠠᠬᠤ ᠵᠡᠷᠭᠡ ᠴᠢᠳᠠᠯ ᠲᠠᠢ᠃      94.ᠭᠡᠭᠡᠷ᠎ᠡ ᠶᠢᠨ ᠭᠤᠭᠤᠳ ︵山韭菜︶ ᠪᠤᠯ ᠰᠠᠷᠠᠯᠠᠩ ᠤᠨ ᠢᠵᠠᠭᠤᠷ᠂ ᠰᠤᠩᠭᠢᠨ᠎ᠠ ᠶᠢᠨ ᠲᠦᠷᠦᠯ  ᠤᠨ ᠵᠡᠷᠯᠢᠭ ᠤᠷᠭᠤᠳᠠᠭ ᠢᠳᠡᠰᠢᠨ ᠨᠤᠭᠤᠭ᠎ᠠ ᠪᠤᠯᠤᠨ᠎ᠠ᠃ ᠦᠷ᠎ᠡ ᠨᠢ ᠡᠮ ᠳᠤ ᠤᠷᠤᠨ᠎ᠠ᠃      95.ᠬᠤᠷᠭᠠᠨ ᠴᠢᠭᠢ ︵羊蹄  皱叶酸模︶ ᠶᠢ ᠲᠦᠪᠡᠳ ᠢᠶᠠᠷ ᠴᠦᠷᠽᠠ ᠭᠡᠳᠡᠭ᠃ ᠰᠢᠮᠡᠯᠳᠡᠭ ᠤᠨ ᠢᠵᠠᠭᠤᠷ᠂ ᠬᠤᠷᠭᠠᠨ ᠴᠢᠭᠢ ᠶᠢᠨ ᠲᠦᠷᠦᠯ ᠤᠨ ᠤᠯᠠᠨ ᠡᠪᠡᠰᠦᠯᠢᠭ ᠤᠷᠭᠤᠮᠠᠯ ᠪᠤᠯᠤᠨ᠎ᠠ᠃ ᠦᠨᠳᠦᠰᠦ ᠨᠢ ᠡᠮ ᠳᠤ ᠤᠷᠤᠨ᠎ᠠ᠃ ᠶᠠᠷ᠎ᠠ ᠰᠢᠷᠬ᠎ᠠ᠂ ᠨᠢᠶᠠᠨ ᠡᠪᠡᠳᠴᠢᠨ᠂ ᠴᠢᠰᠤ ᠭᠠᠷᠬᠤ᠂ ᠢᠯᠢᠳᠦ᠂ ᠬᠠᠮᠠᠭᠤ᠂ ᠬᠤᠵᠢᠭᠡᠷ ᠶᠠᠷ᠎ᠠ᠂ ᠬᠠᠳᠠᠭᠢ᠂ ᠲᠤᠯᠤᠭᠠᠢ ᠡᠪᠡᠳᠭᠦ ᠵᠡᠷᠭᠡ ᠶᠢ ᠵᠠᠰᠠᠨ᠎ᠠ᠃          96.ᠭᠦᠴᠢᠩᠭᠢ ︵草木樨︶ ᠪᠤᠯ ᠪᠤᠷᠴᠠᠭ ᠤᠨ ᠢᠵᠠᠭᠤᠷ ᠤᠨ ᠤᠷᠭᠤᠮᠠᠯ ᠡᠪᠡᠰᠦ ᠶᠤᠮ᠃ ᠪᠦᠭᠦᠯᠢ ᠡᠪᠡᠰᠦ ᠨᠢ ᠡᠮ ᠳᠤ ᠤᠷᠤᠨ᠎ᠠ᠃      97.ᠲᠠᠭᠢᠶᠠᠨ ᠨᠢᠳᠦ ᠡᠪᠡᠰᠦ ︵鸡眼草︶ ᠪᠤᠯ ᠪᠤᠷᠴᠠᠭ ᠤᠨ ᠢᠵᠠᠭᠤᠷ ᠤᠨ ᠨᠢᠭᠡ ᠨᠠᠰᠤᠳᠤ ᠡᠪᠡᠰᠦᠯᠢᠭ ᠤᠷᠭᠤᠮᠠᠯ ᠶᠤᠮ᠃ ᠡᠮ ᠳᠤ ᠤᠷᠤᠨ᠎ᠠ᠃      98.ᠬᠤᠯᠤᠰᠤ ︵芦苇︶ ᠪᠤᠯ ᠦᠶᠡᠳᠦ ᠤᠷᠭᠤᠮᠠᠯ ᠤᠨ ᠢᠵᠠᠭᠤᠷ᠃ ᠬᠤᠯᠤᠰᠤ ᠶᠢᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠦᠨᠳᠦᠰᠦ ᠨᠢ ᠡᠮ ᠳᠤ ᠤᠷᠤᠨ᠎ᠠ᠃      99.ᠦᠷᠢᠨ ᠰᠡᠭᠦᠯ ︵ᠨᠠᠷᠢᠮ︶ ︵狍尾草︶ ᠪᠤᠯ ᠦᠶᠡᠳᠦ ᠤᠷᠭᠤᠮᠠᠯ ᠤᠨ ᠢᠵᠠᠭᠤᠷ᠂ ᠦᠷᠢᠨ ᠰᠡᠭᠦᠯ ᠤᠨ ᠲᠦᠷᠦᠯ ᠤᠨ ᠨᠢᠭᠡ ᠨᠠᠰᠤᠳᠤ ᠡᠪᠡᠰᠦᠯᠢᠭ ᠤᠷᠭᠤᠮᠠᠯ ᠶᠤᠮ᠃ ᠦᠷ᠎ᠡ ᠨᠢ ᠡᠮ ᠳᠤ ᠤᠷᠤᠨ᠎ᠠ᠃      100.ᠠᠷᠪᠠᠢ ︵苋菜︶ ᠪᠤᠯ ᠰᠡᠷᠪᠡᠯᠵᠢ ᠶᠢᠨ ᠢᠵᠠᠭᠤᠷ᠂ ᠠᠷᠪᠠᠢ ᠨᠤᠭᠤᠭ᠎ᠠ ᠶᠢᠨ ᠲᠦᠷᠦᠯ ᠤᠨ ᠨᠢᠭᠡ ᠨᠠᠰᠤᠳᠤ ᠡᠪᠡᠰᠦᠯᠢᠭ ᠤᠷᠭᠤᠮᠠᠯ ᠶᠤᠮ᠃ ᠦᠷ᠎ᠡ ᠪᠠ ᠪᠦᠭᠦᠯᠢ ᠡᠪᠡᠰᠦ ᠨᠢ ᠡᠮ ᠳᠤ ᠣᠷᠤᠨ᠎ᠠ᠃      101.ᠴᠤᠯᠢᠭᠡᠷ ︵沙蓬︶ ᠪᠤᠯ ᠨᠤᠶᠢᠯ ᠤᠨ ᠢᠵᠠᠭᠤᠷ᠂ ᠴᠦᠯᠢᠭᠡᠷ ᠤᠨ ᠲᠦᠷᠦᠯ ᠤᠨ ᠨᠢᠭᠡ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠡᠪᠡᠰᠦ ᠨᠢ ᠡᠮ ᠳᠤ ᠤᠷᠤᠨ᠎ᠠ᠃ ᠦᠷ᠎ᠡ ᠶᠢ ᠨᠢ ᠭᠦᠮᠦᠨ ᠢᠳᠡᠵᠤ ᠪᠤᠯᠤᠨ᠎ᠠ᠃      102.ᠨᠤᠶᠢᠯ ︵灰菜 灰藜︶ ᠪᠤᠯ ᠨᠤᠶᠢᠯ ᠤᠨ ᠢᠵᠠᠭᠤᠷ᠂ ᠨᠤᠶᠢᠯ ᠤᠨ ᠲᠦᠷᠦᠯ ᠤᠨ ᠨᠢᠭᠡ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠲᠤᠳᠤᠷ᠎ᠠ ᠪᠠᠨ ᠤᠯᠠᠨ ᠲᠦᠷᠦᠯ ᠬᠤᠪᠢᠶᠠᠳᠠᠭ᠃ ᠲᠦᠭᠦᠷᠢᠭ ᠨᠠᠪᠴᠢ  ᠲᠠᠢ ᠨᠤᠶᠢᠯ ᠢ ᠭᠦᠮᠦᠨ ᠴᠢᠨᠠᠵᠤ ᠢᠳᠡᠵᠤ ᠪᠤᠯᠤᠨ᠎ᠠ᠃ ᠵᠢᠮᠢᠰ ᠪᠤᠯᠤᠨ ᠪᠦᠭᠦᠯᠢ ᠡᠪᠡᠰᠦ ᠨᠢ ᠡᠮ ᠳᠤ ᠤᠷᠤᠨ᠎ᠠ᠃      103.ᠮᠤᠷᠢᠨ ᠰᠢᠷᠠᠯᠵᠢ ︵青蒿  黄花蒿︶ ᠪᠤᠯ ᠤᠳᠠᠪᠠᠯ᠎ᠠ ᠶᠢᠨ ᠢᠵᠠᠭᠤᠷ᠂ ᠰᠢᠷᠠᠯᠵᠢ ᠶᠢᠨ ᠲᠦᠷᠦᠯ᠂ ᠨᠢᠭᠡ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠪᠦᠭᠦᠯᠢ ᠡᠪᠡᠰᠦ ᠨᠢ ᠡᠮ ᠳᠤ ᠤᠷᠤᠨ᠎ᠠ᠃      104. ᠬᠤᠩᠬᠤᠳᠤ ᠡᠪᠡᠰᠦ ︵苦马豆︶ ᠪᠤᠯ ᠪᠤᠷᠴᠠᠭ ᠤᠨ ᠢᠵᠠᠭᠤᠷ᠂ ᠬᠤᠩᠬᠤᠳᠤ ᠡᠪᠡᠰᠦᠨ ᠤ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠪᠦᠭᠦᠯᠢ ᠡᠪᠡᠰᠦ ᠨᠢ ᠡᠮ ᠳᠤ ᠤᠷᠤᠨ᠎ᠠ᠃      105. ᠭᠦᠵᠢ ᠡᠪᠡᠰᠦ ︵百里香︶ ᠪᠠᠰᠠ ᠭᠠᠩᠭ᠎ᠠ ᠡᠪᠡᠰᠦ ᠭᠡᠳᠡᠭ᠃ ᠤᠷᠤᠭᠤᠯ ᠬᠡᠯᠪᠡᠷᠢᠲᠦ ᠴᠡᠴᠡᠭ ᠤᠨ ᠢᠵᠠᠭᠤᠷ᠂ ᠭᠠᠩᠭ᠎ᠠ ᠡᠪᠡᠰᠦᠨ ᠤ ᠲᠦᠷᠦᠯ ᠤᠨ ᠡᠪᠡᠰᠦᠯᠢᠭ ᠭᠡᠯᠪᠡᠷᠢᠳᠦ ᠪᠤᠳᠠᠯᠠᠵᠤ ᠤᠷᠭᠤᠬᠤ ᠵᠢᠵᠢᠭ ᠪᠤᠳᠠ ᠮᠤᠳᠤ ᠪᠤᠯᠤᠨ᠎ᠠ᠃ ᠪᠦᠭᠦᠯᠢ ᠡᠪᠡᠰᠦ ᠨᠢ ᠡᠮ ᠳᠤ ᠤᠷᠤᠨ᠎ᠠ᠃ ᠪᠠᠭ᠎ᠠ ᠬᠤᠤᠷ᠎ᠠ ᠲᠠᠢ᠃ ᠳᠠᠭᠰᠢᠭᠤᠷ ᠬᠠᠨᠢᠶᠠᠳᠤ᠂ ᠭᠦᠭᠦᠯᠳᠡᠭ ᠬᠠᠨᠢᠶᠠᠳᠤ᠂ ᠬᠤᠭᠤᠯᠠᠢ ᠵᠠᠯᠭᠢᠭᠤᠷ ᠬᠠᠪᠤᠳᠴᠤ ᠡᠪᠡᠳᠭᠦ᠂ ᠭᠦᠢᠳᠡᠨ ᠢᠶᠠᠷ ᠭᠡᠪᠡᠯᠢ ᠡᠪᠡᠳᠭᠦ᠂ ᠰᠠᠷ᠎ᠠ ᠶᠢᠨ ᠭᠬᠢᠷ ᠢᠷᠡᠭᠦ ᠳᠤ ᠡᠪᠡᠳᠭᠦ᠂ ᠰᠠᠪᠠᠨ ᠠᠴᠠ ᠴᠢᠰᠤ ᠭᠠᠷᠬᠤ᠂ ᠰᠢᠭᠡᠰᠦᠨ ᠵᠠᠮ ᠤᠨ ᠦᠷᠪᠢᠰᠦᠯ᠂ ᠰᠢᠳᠦ ᠡᠪᠡᠳᠭᠦ᠂ ᠠᠷᠠᠰᠤᠨ ᠤ ᠮᠡᠳᠡᠷᠡᠯ ᠤᠨ ᠴᠢᠨᠠᠷᠳᠠᠢ ᠦᠷᠪᠢᠰᠦᠯ ᠵᠡᠷᠭᠡ ᠶᠢ ᠵᠠᠰᠠᠨ᠎ᠠ᠃      106.ᠲᠡᠷᠡᠰᠦ ︵芨芨草︶ ᠪᠤᠯ ᠦᠶᠡᠳᠦ ᠤᠷᠭᠤᠮᠠᠯ ᠤᠨ ᠢᠵᠠᠭᠤᠷ᠂ ᠳᠡᠷᠡᠰᠦᠨ ᠤ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠡᠰᠢ ᠪᠤᠯᠤᠨ ᠦᠷ᠎ᠡ ᠨᠢ ᠡᠮ ᠳᠤ ᠤᠷᠤᠨ᠎ᠠ᠃ ᠰᠢᠭᠡᠰᠦᠨ ᠵᠠᠮ  ᠤᠨ ᠦᠷᠪᠢᠰᠦᠯ᠂ ᠰᠢᠭᠡᠰᠦ ᠬᠤᠷᠢᠭᠳᠠᠭᠰᠠᠨ ᠢ ᠵᠠᠰᠠᠨ᠎ᠠ᠃      107. ᠭᠤᠷᠪᠠᠯᠵᠢ ᠡᠪᠡᠰᠦ ︵黑三棱︶ ᠪᠣᠯ ᠬᠠᠷ᠎ᠠ ᠭᠤᠷᠪᠠᠯᠵᠢ ᠡᠪᠡᠰᠦᠨ ᠤ ᠢᠵᠠᠭᠤᠷ᠂ ᠬᠠᠷ᠎ᠠ ᠭᠤᠷᠪᠠᠯᠵᠢ ᠡᠪᠡᠰᠦᠨ ᠤ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠲᠦᠮᠦᠰᠦᠯᠢᠭ ᠡᠰᠢ ᠨᠢ ᠡᠮ ᠳᠤ ᠤᠷᠤᠨ᠎ᠠ᠃ ᠭᠠᠰᠢᠭᠤᠨ ᠠᠮᠳᠠᠳᠠᠢ ᠪᠦᠭᠡᠳ ᠳᠡᠭᠰᠢ ᠴᠢᠨᠠᠷ ᠲᠠᠢ᠃ ᠡᠯᠢᠭᠡ ᠠᠭᠤᠰᠭᠢ ᠶᠢᠨ ᠬᠠᠯᠠᠭᠤᠨ ᠢ ᠠᠷᠢᠯᠭᠠᠬᠤ᠂ ᠪᠦᠷᠢᠯᠳᠦᠭᠰᠡᠨ ᠴᠢᠰᠤ ᠶᠢ ᠡᠪᠳᠡᠭᠦ᠂ ᠰᠠᠷ᠎ᠠ ᠶᠢᠨ ᠭᠬᠢᠷ ᠢ ᠢᠷᠡᠭᠦᠯᠭᠦ᠂ ᠡᠪᠡᠳᠭᠦ ᠶᠢ ᠵᠤᠭᠰᠤᠭᠠᠬᠤ ᠦᠢᠯᠡᠳᠦᠯ ᠲᠠᠢ᠃      108. ᠬᠠᠯᠠᠭᠠᠢ ︵麻叶荨麻︶ ᠪᠤᠯ ᠬᠠᠯᠠᠭᠠᠢ ᠶᠢᠨ ᠢᠵᠠᠭᠤᠷ᠂ ᠬᠠᠯᠠᠭᠠᠢ ᠶᠢᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠭᠠᠵᠠᠷ ᠳᠡᠭᠡᠷᠡᠭᠢ ᠡᠪᠡᠰᠦ ᠨᠢ ᠡᠮ ᠳᠤ ᠤᠷᠤᠨ᠎ᠠ᠃ ᠤᠰᠤᠨ ᠬᠠᠪᠤᠩ᠂ ᠰᠢᠭᠢᠷ ᠰᠢᠵᠢᠩ᠂ ᠶᠠᠷ᠎ᠠ ᠰᠢᠷᠬ᠎ᠠ᠂ ᠦᠶ᠎ᠡ ᠭᠡᠰᠢᠭᠦᠦ ᠶᠢᠨ ᠰᠢᠷ᠎ᠠ ᠤᠰᠤᠨ ᠡᠪᠡᠳᠴᠢᠨ᠂ ᠮᠤᠭᠠᠢ ᠬᠠᠳᠬᠤᠭᠰᠠᠨ᠂ ᠭᠦᠩᠭᠡᠵᠢᠭᠰᠡᠨ ᠤ ᠲᠠᠷᠠᠭ᠎ᠠ ᠳᠠᠳᠠᠯᠳᠠᠬᠤ᠂ ᠭᠡᠤᠭᠡᠳ ᠤᠨ ᠳᠠᠬᠤᠯ᠂ ᠴᠢᠨ᠋ᠸ᠎ᠠ ᠶᠢᠨ ᠭᠦᠷᠪᠡᠰᠢ᠂ ᠪᠠᠮ ᠡᠪᠡᠳᠴᠢᠨ ᠵᠡᠷᠭᠡ ᠶᠢ ᠵᠠᠰᠠᠨ᠎ᠠ᠃      109. ᠨᠠᠷᠠᠨ ᠬᠤᠸᠠᠷ ︵向日葵︶ ᠪᠤᠯ ᠤᠳᠠᠪᠠᠯ᠎ᠠ ᠶᠢᠨ ᠢᠵᠠᠭᠤᠷ᠂ ᠨᠠᠷᠠᠨ ᠬᠤᠸᠠᠷ ᠤᠨ ᠲᠦᠷᠦᠯ  ᠤᠨ ᠲᠠᠷᠢᠮᠠᠯ ᠤᠷᠭᠤᠮᠠᠯ ᠮᠥᠨ᠃ ᠦᠨᠳᠦᠰᠦ᠂ ᠡᠰᠢ ᠶᠢᠨ ᠭᠤᠤᠯ᠂ ᠨᠠᠪᠴᠢ᠂ ᠪᠠᠭ ᠴᠡᠴᠡᠭ ᠨᠢ ᠡᠮ ᠳᠤ ᠤᠷᠤᠨ᠎ᠠ᠃ ᠦᠨᠳᠦᠰᠦ ᠨᠢ ᠡᠪᠴᠢᠭᠦᠦ ᠴᠡᠭᠡᠵᠢ ᠡᠪᠡᠳᠭᠦ᠂ ᠭᠡᠪᠡᠯᠢ ᠡᠪᠡᠳᠭᠦ᠂ ᠬᠠᠪᠢᠷᠭ᠎ᠠ ᠰᠦᠪᠡᠭᠡ ᠡᠪᠡᠳᠭᠦ᠂ ᠬᠤᠷᠭᠤᠰᠤ ᠬᠠᠳᠠᠬᠤ  ᠶᠢ ᠵᠠᠰᠠᠨ᠎ᠠ᠃ ᠡᠰᠢ ᠶᠢᠨ ᠭᠤᠤᠯ ᠨᠢ ᠰᠢᠭᠡᠰᠦ ᠬᠤᠷᠢᠭᠳᠠᠬᠤ᠂ ᠰᠢᠭᠡᠰᠦ ᠪᠤᠯᠠᠩᠭᠢᠷᠳᠤᠬᠤ ᠶᠢ ᠵᠠᠰᠠᠨ᠎ᠠ᠃ ᠴᠡᠴᠡᠭ ᠤᠨ ᠲᠠᠪᠠᠭ ᠪᠤᠯᠤᠨ ᠴᠡᠴᠡᠭ ᠨᠢ ᠲᠤᠯᠤᠭᠠᠢ ᠡᠪᠡᠳᠭᠦ᠂ ᠨᠢᠭᠤᠷ ᠬᠠᠪᠤᠳᠬᠤ᠂ ᠲᠤᠯᠤᠭᠠᠢ ᠡᠷᠭᠢᠭᠦ᠂ ᠨᠢᠳᠦ ᠡᠷᠢᠶᠡᠯᠵᠡᠬᠦ᠂ ᠪᠠᠯᠠᠷᠠᠬᠤ᠂ ᠬᠤᠳᠤᠭᠤᠳᠤ ᠡᠪᠡᠳᠭᠦ᠂ ᠭᠡᠪᠡᠯᠢ ᠡᠪᠡᠳᠭᠦ᠂ ᠢᠪᠡᠷᠭᠡᠢ ᠶᠢ ᠵᠠᠰᠠᠨ᠎ᠠ᠃ ᠨᠤᠶᠢᠳᠠᠨ ᠪᠠᠭ ᠴᠡᠴᠡᠭ ᠨᠢ ᠠᠮᠢᠰᠬᠤᠯ ᠳᠠᠪᠬᠤᠴᠠᠬᠤ ᠶᠢ ᠵᠠᠰᠠᠨ᠎ᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号