110᠂ ᠰᠢᠷ᠎ᠠ ᠤᠷᠢᠶᠠᠩᠭᠤ ︵菟丝子 无根草︶ ︵ᠰᠧᠷᠭᠦᠳ︶ ᠪᠤᠯ ᠠᠶᠠᠭᠠᠨ ᠴᠡᠴᠡᠭ ᠤᠨ | ᠢᠵᠠᠭᠤᠷ᠂ ᠰᠢᠷ᠎ᠠ ᠤᠷᠢᠶᠠᠩᠭᠤ ᠶᠢᠨ ᠲᠦᠷᠦᠯ ᠤᠨ ᠨᠢᠭᠡ ᠨᠠᠰᠤᠳᠤ ᠪᠤᠰᠤᠳ ᠢ ᠲᠦᠰᠢᠭᠯᠡᠨ ᠤᠷᠭᠤᠬᠤ ᠡᠪᠡᠰᠦᠯᠢᠭ | ᠤᠷᠭᠤᠮᠠᠯ ᠮᠥᠨ᠃ ᠤᠯᠠᠩᠭᠢ ᠳᠠᠭᠠᠨ ᠪᠤᠷᠴᠠᠭ ᠤᠨ ᠢᠵᠠᠭᠤᠷ᠂ ᠤᠳᠠᠪᠠᠯ᠎ᠠ ᠶᠢᠨ ᠢᠵᠠᠭᠤᠷ᠂ ᠨᠤᠶᠢᠯ ᠤᠨ ᠢᠵᠠᠭᠤᠷ | ᠤᠨ ᠤᠷᠭᠤᠮᠠᠯ ᠳᠡᠭᠡᠷ᠎ᠡ ᠦᠨᠳᠦᠰᠦ ᠬᠠᠳᠬᠤᠵᠤ ᠰᠢᠮ᠎ᠡ ᠲᠡᠵᠢᠭᠡᠯ ᠢ ᠨᠢ ᠰᠢᠭᠤᠳ ᠠᠪᠴᠤ ᠤᠷᠭᠤᠳᠠᠭ᠃ ᠦᠷ᠎ᠡ ᠪᠠ | ᠪᠦᠭᠦᠯᠢ ᠡᠪᠡᠰᠤ ᠨᠢ ᠡᠮ ᠳᠤ ᠤᠷᠤᠨ᠎ᠠ᠃ ᠪᠦᠭᠡᠷᠡᠨ ᠲᠠᠮᠢᠷ ᠳᠤᠷᠤᠢ᠂ ᠨᠢᠷᠤᠭᠤ ᠭᠦᠯ ᠡᠪᠡᠳᠭᠦ᠂ ᠲᠤᠰᠤᠯ ᠠᠯᠳᠠᠬᠤ᠂ | ᠤᠷᠤᠭ ᠤᠨᠠᠭᠠᠬᠤ᠂ ᠰᠢᠭᠡᠷᠡᠩ ᠡᠪᠡᠳᠴᠢᠨ ᠵᠡᠷᠭᠡ ᠶᠢ ᠵᠠᠰᠠᠬᠤ ᠳᠤ ᠭᠡᠷᠡᠭᠯᠡᠨ᠎ᠡ᠃ ᠬᠠᠯᠠᠭᠤᠨ ᠢ ᠠᠷᠢᠯᠭᠠᠵᠤ᠂ ᠬᠤᠣᠷ ᠢ | ᠲᠠᠶᠢᠯᠠᠬᠤ ᠦᠢᠯᠡᠳᠦᠯ ᠲᠠᠢ᠃ | 111᠂ ᠰᠢᠷ᠎ᠠ ᠪᠤᠷᠤᠯᠵᠢ ︵西伯利亚艾菊︶ ︵ᠵᠦᠷ ᠡᠪᠡᠰᠦ︶ ᠪᠤᠯ ᠤᠳᠠᠪᠠᠯ᠎ᠠ ᠶᠢᠨ | ᠢᠵᠠᠭᠤᠷ᠂ ᠰᠢᠷ᠎ᠠ ᠪᠤᠷᠤᠯᠵᠢ ᠶᠢᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠶᠤᠮ᠃ ᠨᠠᠪᠴᠢ ᠨᠢ ᠡᠮ | ᠳᠤ ᠤᠷᠤᠨ᠎ᠠ᠃ ᠭᠢᠵᠢᠭ᠂ ᠬᠤᠣᠷ ᠬᠠᠯᠠᠭᠤᠨ᠂ ᠴᠢᠰᠤᠨ ᠬᠠᠯᠠᠭᠤᠨ᠂ ᠭᠢᠵᠢᠭ ᠲᠠᠭᠰᠢᠭᠤᠷ᠂ ᠰᠠᠬᠤᠤ ᠪᠤᠭᠤᠮ᠎ᠠ᠂ | ᠬᠠᠳᠬᠤᠯᠭ᠎ᠠ ᠵᠡᠷᠭᠡ ᠶᠢ ᠵᠠᠰᠠᠬᠤ ᠳᠤ ᠭᠡᠷᠡᠭᠯᠡᠨ᠎ᠡ᠃ | 112᠂ ᠵᠤᠷᠭᠤᠳᠠᠰᠤ ︵小 茴香︶ ᠪᠤᠯ ᠰᠢᠭᠦᠷ ᠭᠡᠯᠪᠡᠷᠢᠳᠦ ᠴᠡᠴᠡᠭ ᠤᠨ ᠢᠵᠠᠭᠤᠷ᠂ ᠵᠤᠷᠭᠤᠳᠠᠰᠤ | ᠶᠢᠨ ᠲᠦᠷᠦᠯ ᠤᠨ ᠲᠠᠷᠢᠮᠠᠯ ᠤᠷᠭᠤᠮᠠᠯ ᠮᠥᠨ᠃ ᠵᠢᠮᠢᠰ ᠨᠢ ᠡᠮ ᠳᠤ ᠤᠷᠤᠨ᠎ᠠ᠃ ᠭᠡᠢ ᠡᠪᠡᠳᠴᠢᠨ᠂ ᠭᠡᠢ ᠪᠠᠷ ᠨᠢᠳᠦ | ᠪᠥᠷᠭᠦᠯᠵᠡᠬᠦ᠂ ᠵᠢᠷᠦᠭᠡᠨ ᠤ ᠭᠡᠢ ᠬᠠᠯᠠᠭᠤᠨ᠂ ᠬᠤᠳᠤᠭᠤᠳᠤ ᠶᠢᠨ ᠡᠰᠡ ᠰᠢᠩᠭᠡᠭᠰᠡᠨ᠂ ᠭᠡᠳᠡᠰᠦᠨ ᠤ ᠭᠦᠢᠳᠡᠨ ᠭᠡᠢ ᠪᠠᠷ | ᠭᠡᠪᠡᠯᠢ ᠲᠦᠭᠦᠷᠦᠨ ᠡᠪᠡᠳᠭᠦ᠂ ᠬᠤᠳᠤᠭᠤᠳᠤᠨ ᠤ ᠭᠦᠢᠳᠡᠨ ᠢᠶᠠᠷ ᠪᠦᠭᠡᠯᠵᠢᠵᠤ ᠰᠠᠭᠤᠯᠭᠠᠬᠤ᠂ ᠢᠪᠡᠷᠭᠡᠢ᠂ ᠰᠠᠷ᠎ᠠ ᠶᠢᠨ | ᠭᠭᠢᠷ ᠢᠷᠡᠭᠦ ᠳᠤ ᠡᠪᠡᠳᠭᠦ ᠵᠡᠷᠭᠡ ᠪᠠᠳᠭᠠᠨ ᠭᠦᠢᠳᠡᠨ ᠡᠪᠡᠳᠴᠢᠨ ᠢ ᠵᠠᠰᠠᠨ᠎ᠠ᠃ | 113᠂ ᠬᠠᠮᠬᠤᠤᠯ ︵猪毛菜︶ ᠪᠤᠯ ᠨᠤᠶᠢᠯ ᠤᠨ ᠢᠵᠠᠭᠤᠷ᠂ ᠬᠠᠮᠬᠤᠤᠯ ᠤᠨ ᠲᠦᠷᠦᠯ ᠤᠨ ᠨᠢᠭᠡ | ᠨᠠᠰᠤᠳᠤ ᠡᠪᠡᠰᠦᠯᠢᠭ ᠤᠷᠭᠤᠮᠠᠯ ᠮᠥᠨ᠃ ᠭᠠᠵᠠᠷ ᠳᠡᠭᠡᠷᠡᠭᠢ ᠡᠪᠡᠰᠦ ᠨᠢ ᠡᠮ ᠳᠤ ᠤᠷᠤᠨ᠎ᠠ᠃ ᠠᠩᠬᠠᠳᠠᠭᠴᠢ ᠴᠢᠰᠤᠨ | ᠲᠠᠷᠤᠯᠳᠠ ᠦᠨᠳᠦᠷ ᠡᠪᠡᠳᠴᠢᠨ ᠢ ᠵᠠᠰᠠᠨ᠎ᠠ᠃ | 114᠂ ᠠᠪᠤᠭ᠎ᠠ ᠨᠤᠭᠤᠭ᠎ᠠ ︵荠菜︶ ᠪᠤᠯ ᠲᠤᠨᠤᠯᠵᠢᠨ ᠴᠡᠴᠡᠭ ᠤᠨ ᠢᠵᠠᠭᠤᠷ᠂ ᠠᠪᠤᠭ᠎ᠠ ᠨᠤᠭᠤᠭ᠎ᠠ | ᠶᠢᠨ ᠲᠦᠷᠦᠯ ᠤᠨ ᠨᠢᠭᠡ ᠪᠤᠶᠤ ᠬᠤᠶᠠᠷ ᠨᠠᠰᠤᠳᠤ ᠡᠪᠡᠰᠦᠯᠢᠭ ᠤᠷᠭᠤᠮᠠᠯ ᠮᠥᠨ᠃ ᠪᠦᠭᠦᠯᠢ ᠡᠪᠡᠰᠦ ᠨᠢ ᠡᠮ ᠳᠤ | ᠤᠷᠤᠨ᠎ᠠ᠃ ᠡᠯ᠎ᠡ ᠵᠦᠢᠯ ᠤᠨ ᠴᠢᠰᠤ ᠭᠠᠷᠬᠤ᠂ ᠰᠠᠷ᠎ᠠ ᠶᠢᠨ ᠭᠭᠢᠷ ᠭᠡᠳᠦᠷᠡᠭᠰᠡᠨ᠂ ᠭᠦᠩᠭᠡᠵᠢᠭᠰᠡᠨ ᠤ ᠲᠠᠷᠠᠭ᠎ᠠ ᠭᠡᠪᠡᠯᠢ | ᠡᠪᠡᠳᠭᠦ᠂ ᠭᠡᠳᠡᠰᠦᠨ ᠤ ᠦᠷᠪᠢᠰᠤᠯ᠂ ᠴᠢᠰᠤᠨ ᠲᠠᠷᠤᠯᠳᠠ ᠦᠨᠳᠦᠷ ᠡᠪᠡᠳᠴᠢᠨ᠂ ᠨᠢᠳᠤᠨ ᠤ ᠰᠠᠯᠢᠰᠤᠳᠤ ᠪᠦᠷᠭᠦᠪᠴᠢ | ᠶᠢᠨ ᠦᠷᠪᠢᠰᠤᠯ᠂ ᠰᠢᠩᠭᠡᠯᠳᠡ ᠮᠠᠭᠤᠳᠠᠭᠰᠠᠨ ᠵᠡᠷᠭᠡ ᠶᠢ ᠵᠠᠰᠠᠨ᠎ᠠ᠃ | 115᠂ ᠭᠦᠮᠠᠯᠢ ︵蒙古葱︶ ᠪᠤᠯ ᠲᠤᠷ᠎ᠠ ᠶᠢ ᠨᠡᠭᠡᠭᠡᠭᠦ᠂ ᠰᠢᠩᠭᠡᠭᠡᠯᠳᠡ ᠶᠢ ᠰᠠᠶᠢᠵᠢᠷᠠᠭᠤᠯᠬᠤ | ᠦᠢᠯᠡᠳᠦᠯ ᠲᠠᠢ᠃ | 116᠂ ᠮᠦᠩᠭᠡ ᠴᠠᠢ ︵山茶花︶ ᠳᠤ ᠰᠢᠷ᠎ᠠ ᠶᠢᠨ ᠬᠠᠯᠠᠭᠤᠨ ᠢ ᠲᠠᠷᠤᠬᠤ ᠦᠢᠯᠡᠳᠦᠯ ᠲᠠᠢ᠃ | ᠮᠠᠬᠠᠪᠤᠳ ᠢ ᠳᠡᠭᠡᠭᠰᠢᠯᠡᠭᠦᠯᠵᠦ᠂ ᠬᠤᠣᠷ ᠢ ᠲᠠᠶᠢᠯᠠᠵᠤ᠂ ᠪᠦᠭᠡᠯᠵᠢᠭᠦᠯᠳᠡᠭ᠃ | 117᠂ ᠴᠠᠭᠠᠨ ᠴᠠᠨ᠎ᠠ ᠴᠡᠴᠡᠭ ︵ᠽᠤᠸᠠᠪᠠᠳᠭᠠᠷᠪᠤ︶ ︵白芍︶ ᠴᠢᠰᠤ ᠰᠢᠷ᠎ᠠ ᠶᠢᠨ ᠬᠠᠯᠠᠭᠤᠨ ᠢ | ᠠᠷᠢᠯᠭᠠᠵᠤ᠂ ᠡᠪᠡᠳᠭᠦ ᠶᠢ ᠵᠤᠭᠰᠤᠭᠠᠳᠠᠭ᠃ | 118᠂ ᠨᠠᠷᠢᠪᠴᠢ ᠤᠷᠢᠶᠠᠮᠠᠭ ︵ᠴᠠᠭᠠᠨ ᠲᠡᠮᠤᠷ ᠤᠷᠢᠶᠠᠩᠭᠤ︶ ︵芹叶铁线莲︶ ᠳᠤ ᠪᠡᠳᠡᠭᠢ | ᠶᠢ ᠡᠪᠳᠡᠭᠦ᠂ ᠢᠯᠵᠠᠷᠠᠬᠤ ᠶᠢ ᠵᠤᠭᠰᠤᠭᠠᠬᠤ᠂ ᠢᠯᠴᠢ ᠶᠢ ᠰᠡᠯᠪᠢᠵᠤ᠂ ᠰᠢᠷ᠎ᠠ ᠤᠰᠤ ᠶᠢ ᠳᠠᠳᠠᠬᠤ᠂ ᠬᠠᠪᠤᠩ ᠢ ᠠᠷᠢᠯᠭᠠᠨ᠂ | ᠰᠠᠭᠤᠯᠭᠠᠬᠤ ᠶᠢ ᠵᠤᠭᠰᠤᠭᠠᠬᠤ ᠦᠢᠯᠡᠳᠦᠯ ᠲᠠᠢ᠃ | 119᠂ ᠠᠭᠢ ︵ᠺᠠᠭᠠᠷ︶ ︵野艾︶ ᠳᠤ ᠴᠢᠰᠤ ᠶᠢ ᠵᠤᠭᠰᠤᠭᠠᠬᠤ᠂ ᠬᠠᠪᠤᠳᠠᠷ ᠢ ᠬᠠᠷᠢᠭᠤᠯᠬᠤ᠂ ᠴᠢᠩᠬ᠎ᠠ | ᠶᠢ ᠨᠣᠮᠤᠬᠠᠳᠬᠠᠬᠤ ᠦᠢᠯᠡᠳᠦᠯ ᠲᠠᠢ᠃ | 120᠂ ᠡᠷᠮ᠎ᠡ ︵ᠽᠷᠪᠤᠩ︶ ︵黄艾︶ ᠳᠤ ᠠᠭᠤᠰᠭᠢᠨ ᠤ ᠬᠠᠯᠠᠭᠤᠨ ᠢ ᠠᠷᠢᠯᠭᠠᠬᠤ᠂ ᠬᠠᠨᠢᠶᠠᠬᠤ ᠶᠢ | ᠵᠤᠭᠰᠤᠭᠠᠬᠤ᠂ ᠠᠭᠤᠰᠭᠢᠨ ᠦᠭᠡᠷᠢ ᠶᠢ ᠬᠠᠳᠠᠭᠠᠬᠤ ᠦᠢᠯᠡᠳᠦᠯ ᠲᠠᠢ᠃ | 121᠂ ᠠᠯᠳᠠᠩᠬᠤᠸ᠎ᠠ ᠴᠡᠴᠡᠭ ︵金莲花︶ ᠲᠤ ᠰᠢᠷᠬ᠎ᠠ ᠶᠢ ᠬᠤᠷᠢᠶᠠᠬᠤ᠂ ᠢᠯᠵᠠᠷᠠᠬᠤ ᠶᠢ | ᠵᠤᠭᠰᠤᠭᠠᠬᠤ᠂ ᠦᠭᠡᠷᠢ ᠶᠢ ᠬᠠᠳᠠᠭᠠᠬᠤ᠂ ᠬᠠᠯᠠᠭᠤᠨ ᠢ ᠠᠷᠢᠯᠭᠠᠬᠤ ᠦᠢᠯᠡᠳᠦᠯ ᠲᠠᠢ᠃ | 122᠂ ᠬᠤᠩᠬᠤᠯᠠᠢ ᠴᠡᠴᠡᠭ ︵ᠬᠤᠩᠬᠤᠯᠵᠤᠤᠷ ᠴᠡᠴᠡᠭ︶ ︵漏芦花︶ ᠪᠤᠯ ᠨᠢᠶᠠᠨ ᠢ ᠨᠢᠳᠤᠯᠠᠬᠤ᠂ | ᠬᠠᠳᠬᠤᠯᠭ᠎ᠠ ᠶᠢ ᠲᠠᠷᠤᠬᠤ᠂ ᠬᠤᠣᠷ ᠢ ᠲᠠᠶᠢᠯᠠᠬᠤ᠂ ᠬᠠᠯᠠᠭᠤᠨ ᠢ ᠠᠷᠢᠯᠭᠠᠬᠤ ᠦᠢᠯᠡᠳᠦᠯ ᠲᠠᠢ᠃ | 123᠂ ᠤᠯᠠᠭᠠᠨ ᠴᠡᠴᠡᠭᠳᠤ ᠳ᠋ᠠᠭᠮᠡᠰᠢᠭ ︵ᠬᠤᠷᠴᠠ ᠤᠯᠠᠭᠠᠨ ᠴᠡᠴᠡᠭ︶ ︵红花杜鹃︶ ᠪᠤᠯ | ᠴᠢᠰᠤᠨ ᠬᠠᠯᠠᠭᠤᠨ ᠢ ᠠᠷᠢᠯᠭᠠᠬᠤ᠂ ᠬᠠᠳᠬᠤᠯᠭ᠎ᠠ ᠶᠢ ᠲᠠᠷᠤᠬᠤ᠂ ᠬᠤᠤᠷ᠎ᠠ ᠶᠢ ᠲᠠᠶᠢᠯᠠᠬᠤ᠂ ᠴᠢᠰᠤ ᠶᠢ ᠵᠤᠭᠰᠤᠭᠠᠬᠤ | ᠦᠢᠯᠡᠳᠦᠯ ᠲᠠᠢ᠃ | 124᠂ ᠬᠤᠨᠳᠠᠭᠠᠨ ᠴᠡᠴᠡᠭ ︵牵牛子︶ ᠪᠤᠯ ᠠᠶᠠᠭᠠᠨ ᠴᠡᠴᠡᠭ ᠤᠨ ᠢᠵᠠᠭᠤᠷ᠂ ᠬᠤᠨᠳᠠᠭᠠᠨ | ᠴᠡᠴᠡᠭ ᠤᠨ ᠲᠦᠷᠦᠯ ᠤᠨ ᠨᠢᠭᠡ ᠨᠠᠰᠤᠳᠤ ᠡᠪᠡᠰᠦᠯᠢᠭ ᠤᠷᠭᠤᠮᠠᠯ ᠶᠤᠮ᠃ ᠭᠠᠰᠢᠭᠤᠨ ᠠᠮᠳᠠᠳᠠᠢ᠂ ᠭᠦᠢᠳᠡᠨ | ᠴᠢᠨᠠᠷᠳᠠᠢ᠃ ᠪᠠᠭ᠎ᠠ ᠬᠤᠣᠷ ᠲᠠᠢ᠃ ᠲᠤᠭᠤᠯᠤᠭᠤᠯᠬᠤ᠂ ᠬᠠᠪᠤᠳᠠᠷ ᠢ ᠬᠠᠷᠢᠭᠤᠯᠬᠤ᠂ ᠬᠤᠷᠤᠬᠠᠢ ᠠᠯᠠᠬᠤ ᠴᠢᠳᠠᠯ ᠲᠠᠢ᠃ | 125᠂ ᠲᠡᠮᠤᠷ ᠵᠠᠩᠭᠤᠤ ︵ᠰᠧᠮ᠎ᠠ ᠫᠠᠩᠴᠢᠨ︶ ︵菱角︶ ᠪᠤᠯ ᠪᠦᠭᠡᠷᠡᠨ ᠭᠦᠢᠳᠡᠨ ᠭᠡᠢ ᠶᠢ ᠠᠷᠢᠯᠭᠠᠵᠤ᠂ | ᠭᠦᠴᠦᠵᠢᠭᠦᠯᠭᠦ᠂ ᠰᠢᠭᠡᠯᠭᠡᠭᠦ᠂ ᠬᠠᠪᠤᠩ ᠢ ᠠᠷᠢᠯᠭᠠᠬᠤ ᠦᠢᠯᠡᠳᠦᠯ ᠲᠠᠢ᠃ | 126᠂ ᠭᠦᠴᠢᠩᠭᠢ ︵ᠵᠠᠪᠤᠢ︶ ︵草木犀︶ ᠪᠤᠯ ᠪᠤᠷᠴᠠᠭ ᠤᠨ ᠢᠵᠠᠭᠤᠷ᠂ ᠭᠦᠴᠢᠩᠭᠢ ᠶᠢᠨ ᠲᠦᠷᠦᠯ | ᠤᠨ ᠬᠤᠶᠠᠷ ᠨᠠᠰᠤᠳᠤ ᠡᠪᠡᠰᠦᠯᠢᠭ ᠤᠷᠭᠤᠮᠠᠯ ᠶᠤᠮ᠃ ᠭᠠᠵᠠᠷ ᠳᠡᠭᠡᠷᠡᠭᠢ ᠡᠪᠡᠰᠤ ᠨᠢ ᠡᠮ ᠳᠤ ᠤᠷᠤᠨ᠎ᠠ᠃ ᠰᠢᠭᠡᠯᠭᠡᠭᠦ᠂ | ᠬᠠᠯᠠᠭᠤᠨ ᠢ ᠠᠷᠢᠯᠭᠠᠬᠤ᠂ ᠬᠤᠣᠷ ᠢ ᠲᠠᠶᠢᠯᠠᠬᠤ᠂ ᠬᠤᠷᠤᠬᠠᠢ ᠶᠢ ᠠᠯᠠᠬᠤ᠂ ᠬᠤᠳᠤᠭᠤᠳᠤ ᠶᠢ ᠴᠢᠭᠢᠷᠠᠭᠵᠢᠭᠤᠯᠬᠤ | ᠴᠢᠳᠠᠯ ᠲᠠᠢ᠃ | 127᠂ ᠯᠢᠩᠬᠸ᠎ᠠ ︵ᠪᠠᠳᠮ᠎ᠠ︶ ︵荷花︶ ᠪᠤᠯ ᠬᠤᠳᠤᠭᠤᠳᠤ ᠪᠦᠭᠡᠷᠡᠨ ᠤ ᠭᠦᠢᠳᠡᠨ ᠢ ᠠᠷᠢᠯᠭᠠᠬᠤ᠂ | ᠪᠦᠭᠡᠷᠡᠨ ᠲᠠᠮᠢᠷ ᠢ ᠰᠠᠶᠢᠵᠢᠷᠠᠭᠤᠯᠬᠤ᠂ ᠰᠠᠭᠤᠯᠭᠠᠬᠤ ᠶᠢ ᠵᠤᠭᠰᠤᠭᠠᠬᠤ᠂ ᠰᠢᠷ᠎ᠠ ᠤᠰᠤ ᠶᠢ ᠠᠷᠢᠯᠭᠠᠬᠤ ᠵᠡᠷᠭᠡ | ᠦᠢᠯᠡᠳᠤᠯ ᠲᠠᠢ᠃ ᠭᠢᠳᠠᠳ ᠡᠮᠨᠡᠯᠭᠡ ᠳᠡᠭᠡᠷ᠎ᠡ ᠦᠷᠭᠡᠨ ᠢᠶᠠᠷ ᠭᠡᠷᠡᠭᠯᠡᠳᠡᠭ᠃ | 128᠂ ᠢᠳᠡᠭᠡᠨ ᠰᠢᠷ᠎ᠠ ᠴᠡᠴᠡᠭ ᠤᠨ ᠦᠨᠳᠦᠰᠦ ︵黄花菜︶ ᠪᠤᠯ ᠰᠠᠷᠨᠢᠭᠰᠠᠨ ᠬᠤᠤᠷ᠎ᠠ ᠶᠢ | ᠬᠤᠷᠢᠶᠠᠬᠤ᠂ ᠬᠤᠳᠤᠭᠤᠳᠤᠨ ᠬᠠᠯᠠᠭᠤᠨ ᠢ ᠠᠷᠢᠯᠭᠠᠬᠤ᠂ ᠰᠢᠷ᠎ᠠ ᠪᠠᠷ ᠰᠠᠭᠤᠯᠭᠠᠬᠤ ᠶᠢ ᠵᠤᠭᠰᠤᠭᠠᠬᠤ ᠦᠢᠯᠡᠳᠦᠯ ᠲᠠᠢ | ᠶᠤᠮ᠃ |