ᠲᠡᠮᠡᠭᠡᠨ ᠤ ᠪᠦᠬᠦ ᠶᠢᠨ ᠨᠡᠷᠡᠶᠢᠳᠦᠯ ᠤᠨ ᠲᠤᠬᠠᠢ ︵ᠨᠢᠭᠡ︶
ᠨᠡᠶᠢᠲᠡᠯᠡᠭᠰᠡᠨ ᠴᠠᠭ᠄
2024/4/15
     ᠲᠡᠮᠡᠭᠡ ᠪᠤᠯ ᠲᠠᠪᠤᠨ ᠬᠤᠰᠢᠭᠤ ᠮᠠᠯ ᠤᠨ ᠨᠢᠭᠡ ᠮᠦᠨ᠃ ᠲᠡᠮᠡᠭᠡ ᠨᠢ ᠦᠬᠡᠷ ᠲᠠᠢ ᠠᠳᠠᠯᠢᠬᠠᠨ ᠰᠦ ᠮᠢᠬᠠᠨ ᠤ ᠭᠠᠷᠤᠯᠳᠠ ᠲᠠᠢ᠂ ᠬᠤᠨᠢ ᠢᠮᠠᠭ᠎ᠠ ᠲᠠᠢ ᠠᠳᠠᠯᠢᠬᠠᠨ ᠨᠤᠤᠰᠤ ᠨᠤᠤᠯᠤᠭᠤᠷ ᠤᠨ ᠦᠢᠯᠡᠳᠭᠦᠨ ᠲᠠᠢ᠂ ᠠᠳᠤᠭᠤ ᠲᠠᠢ ᠠᠳᠠᠯᠢᠬᠠᠨ ᠡᠳ᠋ᠯᠡᠭᠡ ᠬᠡᠷᠡᠭᠯᠡᠭᠡᠨ ᠤ ᠴᠢᠳᠠᠪᠤᠷᠢ ᠲᠠᠢ᠂ ᠪᠤᠰᠤᠳ ᠲᠦᠷᠪᠡᠨ ᠬᠤᠰᠢᠭᠤ ᠮᠠᠯ ᠤᠨ ᠤᠨᠴᠠᠯᠢᠭ ᠢ ᠪᠡᠶ᠎ᠡ ᠳᠤ  ᠪᠠᠨ ᠡᠪᠯᠢᠭ ᠲᠤᠬᠢᠳᠠᠢ ᠬᠠᠳᠠᠭᠠᠯᠠᠭᠰᠠᠨ ᠢᠶᠠᠷ ᠪᠠᠷᠠᠬᠤ ᠦᠭᠡᠢ ᠠᠷᠪᠠᠨ ᠬᠤᠶᠠᠷ ᠵᠢᠯ ᠢ ᠨᠢᠭᠡ ᠪᠡᠶ᠎ᠡ ᠳᠤ ᠪᠠᠨ ᠪᠦᠷᠢᠳᠦᠭᠦᠯᠵᠤ᠂ ᠠᠰ ᠤᠨ ᠪᠡᠶ᠎ᠡ ᠪᠠᠨ ᠭᠤᠶᠢᠳᠠ ᠰᠠᠶᠢᠬᠠᠨ ᠴᠢᠮᠡᠭᠰᠡᠨ ᠠᠮᠢᠳᠠᠨ ᠪᠢᠯ᠊᠃ ᠡᠶᠢᠮᠦ ᠠᠴᠠ ᠬᠦᠮᠦᠰ ᠲᠡᠮᠡᠭᠡ ᠶᠢ ︽‍ᠦ᠋ᠭᠡᠷᠦᠭᠦᠨ ᠬᠤᠨᠢᠨ ᠤ ᠲᠤᠯᠤᠭᠠᠢ ᠲᠠᠢ᠂ ᠬᠦᠬᠡ ᠬᠤᠯᠤᠭᠠᠨ᠎ᠠ ᠶᠢᠨ ᠨᠢᠳᠦ ᠲᠠᠢ᠂ ᠠᠪᠤᠷᠭᠤ ᠯᠤᠤ ᠶᠢᠨ ᠮᠠᠩᠨᠠᠢ ᠲᠠᠢ᠂ ᠠᠭᠤᠯᠠ ᠶᠢᠨ ᠪᠠᠷᠰ ᠤᠨ ᠴᠢᠬᠢ ᠲᠠᠢ᠂ ᠤᠷᠠᠨ ᠲᠠᠤᠯᠠᠢ ᠶᠢᠨ ᠤᠷᠤᠭᠤᠯ ᠲᠠᠢ᠂ ᠤᠷᠳᠤ ᠮᠤᠭᠠᠢ ᠶᠢᠨ ᠬᠦᠵᠦᠭᠦᠦ ᠲᠠᠢ᠂ ᠲᠠᠷᠭᠤᠨ ᠭᠠᠭ᠋ᠠᠢ ᠶᠢᠨ ᠲᠠᠰᠢᠶ᠎ᠠ ᠲᠠᠢ᠂ ᠲᠠᠷᠯᠠᠨ ᠦᠭᠡᠷ ᠤᠨ ᠲᠤᠭᠤᠷᠠᠢ ᠲᠠᠢ᠂ ᠲᠠᠭᠠᠨ ᠮᠤᠷᠢᠨ ᠤ ᠭᠡᠳᠡᠰᠦ ᠲᠠᠢ᠂ ᠲᠠᠶᠢᠭᠠᠨ ᠨᠤᠬᠠᠢ ᠶᠢᠨ ᠬᠤᠨᠳᠤᠯᠠᠢ ᠲᠠᠢ᠂ ᠰᠤᠷᠭᠤᠭ ᠰᠠᠮᠵᠠ ᠶᠢᠨ ᠦᠰᠦ ᠲᠠᠢ᠂ ᠱᠤᠪᠤᠭᠤᠷ ᠲᠠᠬᠢᠶᠠᠨ  ᠤ ᠴᠡᠭᠡᠵᠢ ᠲᠠᠢ︾ ᠭᠡᠵᠤ ᠵᠦᠢᠷᠯᠡᠨ ᠮᠠᠭᠳᠠᠳᠠᠭ ᠪᠢᠯᠡ᠃      ᠲᠡᠮᠡᠭᠡ ᠭᠤᠤᠯᠳᠠᠭᠤ ᠭᠠᠩ ᠬᠠᠭᠤᠷᠠᠢ ᠡᠯᠡᠰᠦᠨ ᠴᠦᠯ᠂ ᠭᠤᠪᠢ ᠭᠠᠵᠠᠷ ᠢᠶᠠᠷ ᠲᠠᠷᠬᠠᠵᠤ᠂ ᠬᠦᠮᠦᠨ ᠲᠦᠷᠦᠯᠬᠢᠳᠡᠨ ᠡᠨᠡ ᠤᠷᠴᠢᠨ ᠠᠬᠤᠢ ᠶᠢ ᠨᠡᠯᠢᠶᠡᠳ ᠤᠷᠤᠢ ᠨᠡᠭᠡᠭᠡᠨ ᠠᠰᠢᠭᠯᠠᠭᠰᠠᠨ ᠠᠴᠠ ᠲᠡᠮᠡᠭᠡ ᠶᠢ ᠭᠡᠷ ᠤᠨ ᠲᠡᠵᠢᠭᠡᠪᠦᠷᠢ ᠪᠤᠯᠭᠠᠨ ᠭᠠᠷᠰᠢᠭᠤᠯᠤᠭᠰᠠᠨ ᠨᠢ ᠪᠤᠰᠤᠳ ᠲᠦᠷᠦᠯ ᠤᠨ ᠮᠠᠯ ᠠᠴᠠ ᠨᠡᠯᠢᠶᠡᠳ ᠬᠤᠵᠢᠭᠤ ᠪᠤᠯᠤᠭᠰᠠᠨ ᠪᠠᠶᠢᠵᠠᠢ᠃ ᠲᠡᠮᠡᠭᠡ ᠬᠦᠨᠳᠦ ᠡᠳ᠋ᠯᠡᠭᠡ ᠳᠤ ᠵᠤᠬᠢᠴᠠᠭᠰᠠᠨ ᠬᠦᠳᠡᠷ ᠪᠦᠳᠦᠭᠦᠨ ᠪᠡᠶ᠎ᠡ ᠲᠠᠢ᠂ ᠠᠯᠤᠰ ᠤᠨ ᠠᠶᠠᠨ ᠳᠤ ᠲᠠᠭᠠᠭᠠᠮᠠᠭᠠᠢ᠂ ᠡᠯᠡᠰᠦ ᠭᠤᠪᠢ ᠳᠤ ᠶᠠᠪᠤᠬᠤ ᠳᠤ ᠵᠤᠬᠢᠴᠠᠭᠰᠠᠨ ᠫᠠᠯᠠᠭᠠᠷ ᠲᠤᠮᠤ ᠲᠠᠪᠠᠭ ᠲᠠᠢ ᠪᠦᠭᠡᠳ ᠰᠢᠮ᠎ᠡ ᠲᠡᠵᠢᠭᠡᠯ ᠢ ᠬᠤᠷᠢᠶᠠᠨ ᠬᠠᠳᠠᠭᠠᠯᠠᠳᠠᠭ ᠬᠤᠶᠠᠷ ᠲᠤᠮᠤ ᠪᠦᠬᠦ ᠲᠠᠢ ᠪᠠᠶᠢᠳᠠᠭ ᠢᠶᠠᠷ ᠢᠶᠠᠨ ᠪᠤᠰᠤᠳ ᠮᠠᠯ ᠠᠴᠠ ᠤᠨᠴᠠᠯᠢᠭᠳᠠᠳᠠᠭ ᠠᠴᠠ ᠬᠦᠮᠦᠰ ᠲᠡᠮᠡᠭᠡ ᠶᠢ ︽ᠭᠤᠪᠢ ᠶᠢᠨ ᠤᠩᠭᠤᠴᠠ︾ ᠭᠡᠵᠤ ᠴᠤᠯᠠᠯᠠᠳᠠᠭ᠃      ᠲᠡᠮᠡᠭᠡᠨ ᠤ ᠪᠦᠬᠦ ᠭᠡᠳᠡᠭ ᠨᠢ ᠲᠡᠮᠡᠭᠡᠨ ᠤ ᠨᠢᠷᠤᠭᠤᠨ ᠲᠡᠭᠡᠷᠡᠬᠢ ᠰᠢᠮ᠎ᠡ ᠲᠡᠵᠢᠭᠡᠯ ᠢ ᠨᠦᠭᠡᠴᠡᠯᠡᠬᠦ ᠦᠢᠯᠡᠳᠦᠯ ᠪᠦᠬᠦᠢ ᠬᠡᠷᠡᠭᠯᠡᠳᠡᠭ ᠱᠤᠪᠤᠭᠤᠷ ᠡᠷᠬᠡᠳᠡᠨ ᠢ ᠬᠡᠯᠡᠳᠡᠭ᠃ ᠬᠦᠮᠦᠰ ᠲᠡᠮᠡᠭᠡᠨ ᠤ ᠪᠦᠬᠦ ᠶᠢᠨ ᠠᠳᠠᠯᠢ ᠪᠤᠰᠤ ᠬᠡᠯᠪᠡᠷᠢ ᠪᠠᠶᠢᠳᠠᠯ ᠢ ᠨᠢ ᠦᠨᠳᠦᠰᠦᠯᠡᠵᠤ ᠤᠯᠠᠨ ᠲᠦᠷᠦᠯ ᠬᠤᠪᠢᠶᠠᠳᠠᠭ᠃ ᠴᠠᠭᠠᠨ ᠲᠤᠯᠤᠭᠠᠢ ᠶᠢᠨ ᠲᠡᠰ ᠲᠠᠷᠠᠭᠠᠯᠠᠯ ᠢᠶᠠᠷ ᠲᠤᠤᠷ᠎ᠠ ᠮᠡᠳᠦ ᠵᠢᠬᠰᠠᠭᠠᠪᠠᠯ᠄      ᠠᠯᠴᠠᠩ ᠪᠦᠬᠦᠳᠦ᠄ ᠬᠤᠶᠠᠷ ᠪᠦᠬᠦ ᠶᠢᠨ ᠲᠡᠭᠡᠷᠡᠬᠢ ᠵᠠᠢ ᠨᠢ ᠶᠡᠭᠡ᠂ ᠲᠤᠤᠷᠠᠬᠢ ᠵᠠᠢ ᠨᠢ ᠪᠠᠭ᠎ᠠ ᠲᠡᠮᠡᠭᠡ᠃      ᠠᠶᠠᠰ ᠪᠦᠬᠦᠳᠦ᠄ ᠬᠤᠶᠠᠷ ᠪᠦᠬᠦ ᠨᠢ ᠨᠢᠭᠡ ᠲᠡᠶᠢᠰᠢ ᠪᠠᠨ ᠨᠤᠭᠤᠷᠬᠠᠢ ᠲᠡᠮᠡᠭᠡ᠃      ᠠᠶᠠᠰ ᠰᠡᠷᠪᠡᠭᠡ᠄ ᠬᠤᠶᠠᠷ ᠪᠦᠬᠦᠨ ᠤ ᠦᠵᠦᠭᠦᠷ ᠨᠢ ᠨᠢᠭᠡ ᠲᠡᠶᠢᠰᠢ ᠪᠠᠨ ᠲᠦᠯᠭᠡᠬᠡᠨ ᠮᠤᠷᠤᠢ ᠲᠡᠮᠡᠭᠡ᠃      ᠠᠶᠠᠰ ᠰᠢᠷᠡᠭᠡ᠄ ᠬᠤᠶᠠᠷ ᠪᠦᠬᠦ ᠨᠢ ᠪᠤᠰᠤᠭ᠎ᠠ ᠪᠤᠯᠪᠠᠴᠤ ᠪᠦᠬᠦᠨ ᠤ ᠲᠤᠭ ᠨᠢ ᠨᠢᠭᠡ ᠲᠡᠶᠢᠰᠢ ᠪᠠᠨ ᠦᠯᠦ ᠮᠡᠳᠡᠭᠳᠡᠮ᠎ᠡ ᠲᠠᠷᠤᠤ ᠲᠡᠮᠡᠭᠡ᠃      ᠤᠭᠵᠤᠮ ᠪᠦᠬᠦᠳᠦ᠄ ᠨᠠᠷᠢᠨ ᠪᠦᠭᠡᠳ ᠪᠤᠭᠤᠨᠢ ᠪᠦᠬᠦ ᠲᠠᠢ ᠲᠡᠮᠡᠭᠡ᠃      ᠤᠴᠤᠩ ᠪᠦᠬᠦᠳᠦ᠄ ᠬᠤᠶᠢᠰᠢ ᠪᠠᠨ ᠭᠡᠳᠡᠭᠡᠷ ᠮᠤᠷᠤᠢ ᠪᠦᠬᠦ ᠲᠠᠢ ᠲᠡᠮᠡᠭᠡ᠃      ᠤᠶᠢᠳᠠᠨ ᠪᠦᠬᠦᠳᠦ᠄ ᠬᠤᠶᠠᠷ ᠪᠦᠬᠦᠨ ᠤ ᠬᠤᠭᠤᠷᠤᠨᠳᠤᠬᠢ ᠵᠠᠢ ᠨᠢ ᠤᠶᠢᠷᠠᠬᠠᠨ ᠲᠡᠮᠡᠭᠡ᠃      ᠨᠠᠭᠠᠯᠳᠤᠩᠬᠠᠢ ᠪᠦᠬᠦᠳᠦ᠄ ᠪᠦᠬᠦ ᠨᠢ ᠲᠠᠯᠤ ᠬᠠᠪᠢᠷᠭᠠᠨ ᠲᠡᠭᠡᠷ᠎ᠡ ᠪᠠᠨ ᠨᠠᠭᠠᠯᠳᠤᠵᠤ ᠤᠨᠠᠭᠰᠠᠨ ᠲᠡᠮᠡᠭᠡ᠃        ᠪᠤᠷᠤᠭᠤ ᠠᠶᠠᠰ᠄ ᠬᠤᠶᠠᠷ ᠪᠦᠬᠦ ᠨᠢ ᠪᠤᠷᠤᠭᠤ ᠲᠡᠶᠢᠰᠢ ᠪᠠᠨ ᠨᠤᠭᠤᠷᠬᠠᠢ ᠲᠡᠮᠡᠭᠡ᠃      ᠪᠤᠷᠤᠭᠤ ᠭᠡᠶᠡᠭᠦᠦ᠄ ᠬᠤᠶᠠᠷ ᠪᠦᠬᠦ ᠨᠢ ᠪᠤᠷᠤᠭᠤ ᠲᠡᠶᠢᠰᠢ ᠪᠠᠨ ᠵᠢᠭᠠᠬᠠᠨ ᠮᠤᠷᠤᠢ ᠲᠡᠮᠡᠭᠡ᠃      ᠪᠤᠷᠤᠭᠤ ᠰᠡᠷᠪᠡᠭᠡ᠄ ᠬᠤᠶᠠᠷ ᠪᠦᠬᠦᠨ ᠤ ᠦᠵᠦᠭᠦᠷ ᠨᠢ ᠪᠤᠷᠤᠭᠤ ᠲᠡᠶᠢᠰᠢ ᠪᠠᠨ ᠲᠦᠯᠭᠡᠬᠡᠨ ᠮᠤᠷᠤᠢ ᠲᠡᠮᠡᠭᠡ᠃      ᠪᠤᠷᠤᠭᠤ ᠰᠢᠷᠡᠭᠡ᠄ ᠪᠦᠬᠦᠨ ᠤ ᠲᠤᠭ ᠨᠢ ᠴᠦᠮ ᠪᠤᠷᠤᠭᠤ ᠲᠡᠶᠢᠰᠢ ᠪᠠᠨ ᠲᠠᠷᠤᠤ ᠪᠠᠶᠢᠳᠠᠭ ᠲᠡᠮᠡᠭᠡ᠃      ᠪᠤᠷᠤᠭᠤ ᠰᠤᠯᠪᠢ᠄ ᠡᠮᠦᠨ᠎ᠡ ᠪᠦᠬᠦ ᠨᠢ ᠪᠤᠷᠤᠭᠤ ᠲᠡᠶᠢᠰᠢ᠂ ᠬᠤᠶᠢᠳᠤ ᠪᠦᠬᠦ ᠨᠢ ᠵᠦᠪ ᠲᠡᠶᠢᠰᠢ ᠨᠤᠭᠤᠷᠠᠭᠰᠠᠨ ᠲᠡᠮᠡᠭᠡ᠃      ᠪᠤᠷᠤᠭᠤ ᠰᠤᠶᠤᠭ᠎ᠠ᠄ ᠡᠮᠦᠨ᠎ᠡ ᠪᠦᠬᠦ ᠨᠢ ᠰᠢᠷᠡᠭᠡ᠂ ᠬᠤᠶᠢᠳᠤ ᠪᠦᠬᠦ‌ᠨᠢ ᠪᠤᠷᠤᠭᠤ ᠲᠡᠶᠢᠰᠢ ᠨᠤᠭᠤᠷᠬᠠᠢ ᠲᠡᠮᠡᠭᠡ᠃      ᠪᠤᠷᠤᠭᠤ ᠲᠠᠷᠠᠭᠠᠷ᠄ ᠬᠤᠶᠠᠷ ᠪᠦᠬᠦ ᠨᠢ ᠪᠤᠷᠤᠭᠤ ᠲᠡᠶᠢᠰᠢ ᠪᠠᠨ ᠪᠠᠭ᠋ᠠᠨ ᠬᠠᠵᠠᠶᠢᠭᠰᠠᠨ ᠲᠡᠮᠡᠭᠡ᠃      ᠪᠤᠷᠤᠭᠤ ᠲᠠᠷᠤᠤ᠄ ᠪᠦᠬᠦ ᠨᠢ ᠴᠦᠮ ᠪᠤᠷᠤᠭᠤ ᠲᠡᠶᠢᠰᠢ ᠪᠠᠨ ᠲᠠᠷᠤᠤ ᠪᠤᠯᠤᠭᠰᠠᠨ ᠲᠡᠮᠡᠭᠡ᠃      ᠪᠦᠳᠦᠭᠦᠨ ᠪᠦᠬᠦᠳᠦ᠄ ᠤᠨᠴᠠᠭᠠᠢ ᠲᠤᠮᠤ ᠪᠦᠬᠦ ᠲᠠᠢ ᠲᠡᠮᠡᠭᠡ᠃        ᠬᠠᠨᠠᠨ ᠰᠡᠷᠪᠡᠭᠡ᠄ ᠬᠤᠶᠠᠷ ᠪᠦᠬᠦᠨ ᠤ ᠦᠵᠦᠭᠦᠷ ᠨᠢ ᠬᠠᠵᠠᠭᠤᠰᠢ ᠪᠠᠨ ᠲᠦᠯᠭᠡᠬᠡᠨ ᠮᠤᠷᠤᠢ ᠲᠡᠮᠡᠭᠡ᠃      ᠬᠠᠩᠭᠠᠢ ᠪᠦᠬᠦᠳᠦ᠄ ᠬᠤᠶᠠᠷ ᠪᠦᠬᠦ ᠶᠢᠨ ᠬᠤᠭᠤᠷᠤᠨᠳᠤᠬᠢ ᠵᠠᠢ ᠨᠢ ᠶᠡᠭᠡ ᠲᠡᠮᠡᠭᠡ᠃      ᠬᠡᠢ ᠪᠦᠬᠦᠳᠦ᠄ ᠪᠦᠬᠦ ᠨᠢ ᠲᠠᠯᠤ ᠬᠠᠪᠢᠷᠭᠠᠨ ᠠᠴᠠ ᠪᠠᠨ ᠲᠤᠩ ᠵᠢᠭᠠᠬᠠᠨ ᠵᠠᠢ ᠲᠠᠢ ᠪᠠᠶᠢᠭ᠎ᠠ ᠲᠡᠮᠡᠭᠡ᠃      ᠬᠤᠶᠢᠳᠤ ᠪᠦᠬᠦ ᠰᠢᠷᠡᠭᠡ᠄ ᠬᠤᠶᠢᠳᠤ ᠪᠦᠬᠦ ᠨᠢ ᠰᠢᠷᠡᠭᠡ᠂ ᠡᠮᠦᠨ᠎ᠡ ᠪᠦᠬᠦ ᠨᠢ ᠲᠠᠷᠤᠤ ᠲᠡᠮᠡᠭᠡ᠃      ᠬᠤᠯᠪᠤᠭ᠎ᠠ ᠪᠦᠬᠦᠳᠦ᠄ ᠬᠤᠶᠠᠷ ᠪᠦᠬᠦᠨ ᠤ ᠦᠵᠦᠭᠦᠷ ᠨᠢ ᠦᠭᠡᠳᠡ ᠦᠭᠡᠳᠡ ᠠᠴᠠ ᠪᠠᠨ ᠬᠠᠵᠠᠶᠢᠭᠰᠠᠨ ᠪᠦᠬᠦ  ᠲᠠᠢ ᠲᠡᠮᠡᠭᠡ᠃      ᠬᠤᠭᠤᠷᠬᠠᠢ ᠪᠦᠬᠦᠳᠦ᠄ ᠪᠦᠬᠦ ᠨᠢ ᠤᠭ ᠪᠤᠶᠤ ᠲᠤᠮᠳᠠᠭᠤᠷ ᠢᠶᠠᠨ ᠭᠡᠮᠳᠦᠭᠰᠡᠨ ᠠᠴᠠ ᠪᠤᠰᠬᠤ ᠦᠭᠡᠢ ᠪᠤᠯᠤᠭᠰᠠᠨ ᠲᠡᠮᠡᠭᠡ᠃      ᠮᠠᠰᠢᠨ ᠪᠦᠬᠦᠳᠦ᠄ ᠡᠮᠦᠨ᠎ᠡ ᠪᠦᠬᠦᠨ ᠤ ᠦᠵᠦᠭᠦᠷ ᠨᠢ ᠤᠷᠤᠭᠰᠢ ᠪᠠᠨ ᠮᠤᠷᠤᠢ ᠲᠡᠮᠡᠭᠡ᠃      ᠮᠤᠬᠤᠷ ᠪᠦᠬᠦᠳᠦ᠄ ᠪᠦᠬᠦ ᠶᠢᠨ ᠵᠠᠯᠠᠭ᠎ᠠ ᠨᠢ ᠤᠬᠤᠷ ᠲᠡᠮᠡᠭᠡ᠃      ᠮᠤᠳᠤᠨ ᠪᠦᠬᠦᠳᠦ᠄ ᠬᠡᠳᠦᠢ ᠡᠴᠡᠪᠡᠴᠤ ᠬᠡᠵᠢᠶᠡᠳᠡ ᠤᠨᠠᠳᠠᠭ ᠦᠭᠡᠢ ᠪᠦᠬᠦ ᠲᠠᠢ ᠲᠡᠮᠡᠭᠡ᠃        ᠮᠦᠬᠦᠨ ᠪᠦᠬᠦᠳᠦ᠄ ᠵᠠᠯᠠᠭ᠎ᠠ ᠨᠢ ᠮᠦᠭᠦ ᠠᠳᠠᠯᠢ ᠵᠦᠭ ᠪᠦᠷᠢ ᠳᠤ ᠤᠨᠠᠭᠰᠠᠨ ᠪᠦᠬᠦ ᠲᠠᠢ ᠲᠡᠮᠡᠭᠡ᠃      ᠯᠡᠭ ᠪᠦᠬᠦᠳᠦ᠄ ᠬᠡᠳᠦᠢ ᠲᠠᠷᠭᠤᠯᠠᠪᠠᠴᠤ ᠪᠤᠰᠳᠠᠭ ᠦᠭᠡᠢ ᠪᠦᠳᠦᠭᠦᠨ ᠪᠦᠬᠦ ᠲᠠᠢ ᠲᠡᠮᠡᠭᠡ᠃        ᠰᠠᠯᠬᠢᠨ ᠪᠦᠬᠦᠳᠦ᠄ ᠰᠢᠷᠡᠭᠡᠯᠡᠭᠰᠡᠨ ᠪᠤᠯᠪᠠᠴᠤ ᠲᠠᠷᠭᠤ ᠭᠦᠢᠴᠡᠭᠡᠳᠦᠢ ᠪᠦᠬᠦ ᠲᠠᠢ ᠲᠡᠮᠡᠭᠡ᠃      ᠰᠡᠭᠰᠡᠭᠡᠷ ᠪᠦᠬᠦᠳᠦ᠄ ᠪᠦᠬᠦ ᠶᠢᠨ ᠵᠠᠯᠠᠭ᠎ᠠ ᠨᠢ ᠤᠷᠳᠤ ᠰᠠᠬᠤᠯᠢᠭ ᠮᠦᠷᠳᠡᠭᠡᠨ ᠰᠠᠭᠰᠠᠶᠢᠭᠰᠠᠨ ᠪᠦᠬᠦ ᠲᠠᠢ ᠲᠡᠮᠡᠭᠡ᠃      ᠰᠢᠳᠠᠷ᠎ᠠ ᠪᠦᠬᠦᠳᠦ᠄ ᠦᠨᠳᠦᠷ᠂ ᠪᠦᠭᠡᠷᠡᠩᠬᠡᠢ᠂ ᠰᠠᠴᠠᠭᠤ ᠪᠦᠭᠡᠳ ᠭᠤᠶᠤ ᠪᠦᠬᠦ ᠲᠠᠢ ᠲᠡᠮᠡᠭᠡ᠃      ᠰᠢᠷᠡᠭᠡ ᠪᠦᠭᠦᠳᠦ᠄ ᠬᠤᠶᠠᠷ ᠪᠦᠬᠦ ᠨᠢ ᠡᠭᠴᠡ ᠪᠤᠰᠤᠭ᠎ᠠ ᠲᠡᠮᠡᠭᠡ᠃      ᠰᠤᠭᠰᠠᠭᠠᠷ ᠪᠦᠬᠦᠳᠦ᠄ ᠪᠦᠬᠦ ᠨᠢ ᠨᠠᠷᠢᠨ ᠤᠬᠤᠷ᠂ ᠵᠠᠯᠠᠭ᠎ᠠ ᠨᠢ ᠰᠠᠬᠤᠯᠢᠭ ᠲᠡᠮᠡᠭᠡ᠃      ᠰᠤᠯᠪᠢ ᠪᠦᠬᠦᠳᠦ᠄ ᠬᠤᠶᠠᠷ ᠪᠦᠬᠦ ᠨᠢ ᠬᠤᠶᠠᠷ ᠲᠡᠶᠢᠰᠢ ᠪᠠᠨ ᠨᠤᠭᠤᠷᠬᠠᠢ ᠲᠡᠮᠡᠭᠡ᠃      ᠰᠤᠯᠪᠢ ᠭᠡᠶᠡᠭᠦᠦ᠄ ᠬᠤᠶᠠᠷ ᠪᠦᠬᠦ ᠨᠢ ᠬᠤᠶᠠᠷ ᠲᠡᠶᠢᠰᠢ ᠪᠠᠨ ᠵᠢᠭᠠᠬᠠᠨ ᠮᠤᠷᠤᠢ ᠲᠡᠮᠡᠭᠡ᠃      ᠰᠤᠯᠪᠢ ᠰᠡᠷᠪᠡᠭᠡ᠄ ᠬᠤᠶᠠᠷ ᠪᠦᠬᠦᠨ ᠤ ᠦᠵᠦᠭᠦᠷ ᠨᠢ ᠬᠤᠶᠠᠷ ᠲᠡᠶᠢᠰᠢ ᠪᠠᠨ ᠲᠦᠯᠭᠡᠬᠡᠨ ᠮᠤᠷᠤᠢ ᠲᠡᠮᠡᠭᠡ᠃      ᠰᠤᠯᠪᠢ ᠰᠢᠷᠡᠭᠡ᠄ ᠪᠦᠬᠦᠨ ᠤ ᠲᠤᠭ ᠨᠢ ᠬᠤᠶᠠᠷ ᠲᠡᠶᠢᠰᠢ ᠪᠠᠨ ᠲᠠᠷᠤᠤ ᠲᠡᠮᠡᠭᠡ᠃      ᠰᠤᠯᠪᠢ ᠲᠠᠷᠤᠤ᠄ ᠬᠤᠶᠠᠷ ᠪᠦᠬᠦ ᠨᠢ ᠬᠤᠶᠠᠷ ᠲᠡᠶᠢᠰᠢ ᠪᠠᠨ ᠲᠠᠷᠤᠤ ᠪᠤᠯᠤᠭᠰᠠᠨ ᠲᠡᠮᠡᠭᠡ᠃      ᠰᠤᠵᠤᠩ ᠪᠦᠬᠦᠳᠦ᠄ ᠨᠠᠷᠢᠨ ᠦᠨᠳᠦᠷ ᠪᠦᠬᠦ ᠲᠠᠢ ᠲᠡᠮᠡᠭᠡ᠃      ᠰᠤᠶᠤᠭ᠎ᠠ ᠪᠦᠬᠦᠳᠦ᠄ ᠡᠮᠦᠨ᠎ᠡ ᠪᠦᠬᠦ ᠨᠢ ᠰᠢᠷᠡᠭᠡ᠂ ᠬᠤᠶᠢᠳᠤ ᠪᠦᠬᠦ ᠨᠢ ᠨᠤᠭᠤᠷᠬᠠᠢ ᠲᠡᠮᠡᠭᠡ᠃        ᠰᠤᠶᠤᠭ᠎ᠠ ᠭᠡᠶᠡᠭᠦᠦ᠄ ᠡᠮᠦᠨ᠎ᠡ ᠪᠦᠬᠦ ᠨᠢ ᠰᠢᠷᠡᠭᠡ᠂ ᠬᠤᠶᠢᠳᠤ ᠪᠦᠬᠦ ᠨᠢ ᠵᠢᠭᠠᠬᠠᠨ ᠮᠤᠷᠤᠢ ᠲᠡᠮᠡᠭᠡ᠃      ᠰᠤᠶᠤᠭ᠎ᠠ ᠰᠡᠷᠪᠡᠭᠡ᠄ ᠡᠮᠦᠨ᠎ᠡ ᠪᠦᠬᠦ ᠨᠢ ᠰᠢᠷᠡᠭᠡ᠂ ᠬᠤᠶᠢᠳᠤ ᠪᠦᠬᠦ ᠨᠢ ᠬᠠᠵᠠᠭᠤᠰᠢ ᠪᠠᠨ ᠲᠦᠯᠭᠡᠬᠡᠨ ᠮᠤᠷᠤᠢ ᠲᠡᠮᠡᠭᠡ᠃      ᠰᠤᠶᠤᠭ᠎ᠠ ᠰᠢᠷᠡᠭᠡ᠄ ᠰᠢᠷᠡᠭᠡ ᠪᠦᠬᠦ ᠲᠠᠢ ᠪᠤᠯᠪᠠᠴᠤ ᠬᠤᠶᠢᠳᠤ ᠪᠦᠬᠦ ᠨᠢ ᠨᠠᠮ ᠰᠢᠭ᠋ ᠪᠤᠶᠤ ᠪᠦᠬᠦᠨ ᠤ ᠲᠤᠭ  ᠨᠢ ᠲᠠᠷᠤᠤ ᠲᠡᠮᠡᠭᠡ᠃      ᠰᠤᠶᠤᠭ᠎ᠠ ᠰᠤᠯᠪᠢ᠄ ᠡᠮᠦᠨ᠎ᠡ ᠪᠦᠬᠦ ᠨᠢ ᠲᠡᠭᠡᠷ᠎ᠡ᠂ ᠬᠤᠶᠢᠳᠤ ᠪᠦᠬᠦ ᠨᠢ ᠲᠤᠤᠷ᠎ᠠ ᠰᠤᠯᠪᠢ ᠪᠦᠬᠦ ᠲᠠᠢ ᠲᠡᠮᠡᠭᠡ᠃      ᠰᠤᠶᠤᠭ᠎ᠠ ᠲᠠᠷᠤᠤ᠄ ᠬᠤᠶᠢᠳᠤ ᠪᠦᠬᠦ ᠨᠢ ᠲᠠᠷᠤᠤ ᠰᠢᠭ᠋ ᠰᠤᠶᠤᠭ᠎ᠠ ᠪᠦᠬᠦ ᠲᠠᠢ ᠲᠡᠮᠡᠭᠡ᠃      ᠰᠤᠪᠤᠷᠭᠠᠨ ᠪᠦᠬᠦᠳᠦ᠄ ᠪᠦᠳᠦᠭᠦᠨ ᠮᠦᠷᠳᠡᠭᠡᠨ ᠦᠨᠳᠦᠷ᠂ ᠡᠭᠴᠡ ᠪᠤᠰᠤᠭ᠎ᠠ ᠪᠦᠬᠦ ᠲᠠᠢ ᠲᠡᠮᠡᠭᠡ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号