ᠲᠡᠮᠡᠭᠡᠨ ᠤ ᠪᠦᠬᠦ ᠶᠢᠨ ᠨᠡᠷᠡᠶᠢᠳᠦᠯ ᠤᠨ ᠲᠤᠬᠠᠢ ︵ᠬᠤᠶᠠᠷ︶
ᠨᠡᠶᠢᠲᠡᠯᠡᠭᠰᠡᠨ ᠴᠠᠭ᠄
2024/4/23
     ᠲᠡᠮᠡᠭᠡ ᠪᠤᠯ ᠲᠠᠪᠤᠨ ᠬᠤᠰᠢᠭᠤ ᠮᠠᠯ ᠤᠨ ᠨᠢᠭᠡ ᠮᠦᠨ᠃ ᠲᠡᠮᠡᠭᠡ ᠨᠢ ᠦᠬᠡᠷ ᠲᠠᠢ ᠠᠳᠠᠯᠢᠬᠠᠨ ᠰᠦ ᠮᠢᠬᠠᠨ ᠤ ᠭᠠᠷᠤᠯᠳᠠ ᠲᠠᠢ᠂ ᠬᠤᠨᠢ ᠢᠮᠠᠭ᠎ᠠ ᠲᠠᠢ ᠠᠳᠠᠯᠢᠬᠠᠨ ᠨᠤᠤᠰᠤ ᠨᠤᠤᠯᠤᠭᠤᠷ ᠤᠨ ᠦᠢᠯᠡᠳᠭᠦᠨ ᠲᠠᠢ᠂ ᠠᠳᠤᠭᠤ ᠲᠠᠢ ᠠᠳᠠᠯᠢᠬᠠᠨ ᠡᠳ᠋ᠯᠡᠭᠡ ᠬᠡᠷᠡᠭᠯᠡᠭᠡᠨ ᠤ ᠴᠢᠳᠠᠪᠤᠷᠢ ᠲᠠᠢ᠂ ᠪᠤᠰᠤᠳ ᠲᠦᠷᠪᠡᠨ ᠬᠤᠰᠢᠭᠤ ᠮᠠᠯ ᠤᠨ ᠤᠨᠴᠠᠯᠢᠭ ᠢ ᠪᠡᠶ᠎ᠡ ᠳᠤ  ᠪᠠᠨ ᠡᠪᠯᠢᠭ ᠲᠤᠬᠢᠳᠠᠢ ᠬᠠᠳᠠᠭᠠᠯᠠᠭᠰᠠᠨ ᠢᠶᠠᠷ ᠪᠠᠷᠠᠬᠤ ᠦᠭᠡᠢ ᠠᠷᠪᠠᠨ ᠬᠤᠶᠠᠷ ᠵᠢᠯ ᠢ ᠨᠢᠭᠡ ᠪᠡᠶ᠎ᠡ ᠳᠤ ᠪᠠᠨ ᠪᠦᠷᠢᠳᠦᠭᠦᠯᠵᠤ᠂ ᠠᠰ ᠤᠨ ᠪᠡᠶ᠎ᠡ ᠪᠠᠨ ᠭᠤᠶᠢᠳᠠ ᠰᠠᠶᠢᠬᠠᠨ ᠴᠢᠮᠡᠭᠰᠡᠨ ᠠᠮᠢᠳᠠᠨ ᠪᠢᠯ᠊᠃ ᠡᠶᠢᠮᠦ ᠠᠴᠠ ᠬᠦᠮᠦᠰ ᠲᠡᠮᠡᠭᠡ ᠶᠢ ︽‍ᠦ᠋ᠭᠡᠷᠦᠭᠦᠨ ᠬᠤᠨᠢᠨ ᠤ ᠲᠤᠯᠤᠭᠠᠢ ᠲᠠᠢ᠂ ᠬᠦᠬᠡ ᠬᠤᠯᠤᠭᠠᠨ᠎ᠠ ᠶᠢᠨ ᠨᠢᠳᠦ ᠲᠠᠢ᠂ ᠠᠪᠤᠷᠭᠤ ᠯᠤᠤ ᠶᠢᠨ ᠮᠠᠩᠨᠠᠢ ᠲᠠᠢ᠂ ᠠᠭᠤᠯᠠ ᠶᠢᠨ ᠪᠠᠷᠰ ᠤᠨ ᠴᠢᠬᠢ ᠲᠠᠢ᠂ ᠤᠷᠠᠨ ᠲᠠᠤᠯᠠᠢ ᠶᠢᠨ ᠤᠷᠤᠭᠤᠯ ᠲᠠᠢ᠂ ᠤᠷᠳᠤ ᠮᠤᠭᠠᠢ ᠶᠢᠨ ᠬᠦᠵᠦᠭᠦᠦ ᠲᠠᠢ᠂ ᠲᠠᠷᠭᠤᠨ ᠭᠠᠭ᠋ᠠᠢ ᠶᠢᠨ ᠲᠠᠰᠢᠶ᠎ᠠ ᠲᠠᠢ᠂ ᠲᠠᠷᠯᠠᠨ ᠦᠭᠡᠷ ᠤᠨ ᠲᠤᠭᠤᠷᠠᠢ ᠲᠠᠢ᠂ ᠲᠠᠭᠠᠨ ᠮᠤᠷᠢᠨ ᠤ ᠭᠡᠳᠡᠰᠦ ᠲᠠᠢ᠂ ᠲᠠᠶᠢᠭᠠᠨ ᠨᠤᠬᠠᠢ ᠶᠢᠨ ᠬᠤᠨᠳᠤᠯᠠᠢ ᠲᠠᠢ᠂ ᠰᠤᠷᠭᠤᠭ ᠰᠠᠮᠵᠠ ᠶᠢᠨ ᠦᠰᠦ ᠲᠠᠢ᠂ ᠱᠤᠪᠤᠭᠤᠷ ᠲᠠᠬᠢᠶᠠᠨ  ᠤ ᠴᠡᠭᠡᠵᠢ ᠲᠠᠢ︾ ᠭᠡᠵᠤ ᠵᠦᠢᠷᠯᠡᠨ ᠮᠠᠭᠳᠠᠳᠠᠭ ᠪᠢᠯᠡ᠃      ᠲᠡᠮᠡᠭᠡ ᠭᠤᠤᠯᠳᠠᠭᠤ ᠭᠠᠩ ᠬᠠᠭᠤᠷᠠᠢ ᠡᠯᠡᠰᠦᠨ ᠴᠦᠯ᠂ ᠭᠤᠪᠢ ᠭᠠᠵᠠᠷ ᠢᠶᠠᠷ ᠲᠠᠷᠬᠠᠵᠤ᠂ ᠬᠦᠮᠦᠨ ᠲᠦᠷᠦᠯᠬᠢᠳᠡᠨ ᠡᠨᠡ ᠤᠷᠴᠢᠨ ᠠᠬᠤᠢ ᠶᠢ ᠨᠡᠯᠢᠶᠡᠳ ᠤᠷᠤᠢ ᠨᠡᠭᠡᠭᠡᠨ ᠠᠰᠢᠭᠯᠠᠭᠰᠠᠨ ᠠᠴᠠ ᠲᠡᠮᠡᠭᠡ ᠶᠢ ᠭᠡᠷ ᠤᠨ ᠲᠡᠵᠢᠭᠡᠪᠦᠷᠢ ᠪᠤᠯᠭᠠᠨ ᠭᠠᠷᠰᠢᠭᠤᠯᠤᠭᠰᠠᠨ ᠨᠢ ᠪᠤᠰᠤᠳ ᠲᠦᠷᠦᠯ ᠤᠨ ᠮᠠᠯ ᠠᠴᠠ ᠨᠡᠯᠢᠶᠡᠳ ᠬᠤᠵᠢᠭᠤ ᠪᠤᠯᠤᠭᠰᠠᠨ ᠪᠠᠶᠢᠵᠠᠢ᠃ ᠲᠡᠮᠡᠭᠡ ᠬᠦᠨᠳᠦ ᠡᠳ᠋ᠯᠡᠭᠡ ᠳᠤ ᠵᠤᠬᠢᠴᠠᠭᠰᠠᠨ ᠬᠦᠳᠡᠷ ᠪᠦᠳᠦᠭᠦᠨ ᠪᠡᠶ᠎ᠡ ᠲᠠᠢ᠂ ᠠᠯᠤᠰ ᠤᠨ ᠠᠶᠠᠨ ᠳᠤ ᠲᠠᠭᠠᠭᠠᠮᠠᠭᠠᠢ᠂ ᠡᠯᠡᠰᠦ ᠭᠤᠪᠢ ᠳᠤ ᠶᠠᠪᠤᠬᠤ ᠳᠤ ᠵᠤᠬᠢᠴᠠᠭᠰᠠᠨ ᠫᠠᠯᠠᠭᠠᠷ ᠲᠤᠮᠤ ᠲᠠᠪᠠᠭ ᠲᠠᠢ ᠪᠦᠭᠡᠳ ᠰᠢᠮ᠎ᠡ ᠲᠡᠵᠢᠭᠡᠯ ᠢ ᠬᠤᠷᠢᠶᠠᠨ ᠬᠠᠳᠠᠭᠠᠯᠠᠳᠠᠭ ᠬᠤᠶᠠᠷ ᠲᠤᠮᠤ ᠪᠦᠬᠦ ᠲᠠᠢ ᠪᠠᠶᠢᠳᠠᠭ ᠢᠶᠠᠷ ᠢᠶᠠᠨ ᠪᠤᠰᠤᠳ ᠮᠠᠯ ᠠᠴᠠ ᠤᠨᠴᠠᠯᠢᠭᠳᠠᠳᠠᠭ ᠠᠴᠠ ᠬᠦᠮᠦᠰ ᠲᠡᠮᠡᠭᠡ ᠶᠢ ︽ᠭᠤᠪᠢ ᠶᠢᠨ ᠤᠩᠭᠤᠴᠠ︾ ᠭᠡᠵᠤ ᠴᠤᠯᠠᠯᠠᠳᠠᠭ᠃      ᠲᠡᠮᠡᠭᠡᠨ ᠤ ᠪᠦᠬᠦ ᠭᠡᠳᠡᠭ ᠨᠢ ᠲᠡᠮᠡᠭᠡᠨ ᠤ ᠨᠢᠷᠤᠭᠤᠨ ᠲᠡᠭᠡᠷᠡᠬᠢ ᠰᠢᠮ᠎ᠡ ᠲᠡᠵᠢᠭᠡᠯ ᠢ ᠨᠦᠭᠡᠴᠡᠯᠡᠬᠦ ᠦᠢᠯᠡᠳᠦᠯ ᠪᠦᠬᠦᠢ ᠬᠡᠷᠡᠭᠯᠡᠳᠡᠭ ᠱᠤᠪᠤᠭᠤᠷ ᠡᠷᠬᠡᠳᠡᠨ ᠢ ᠬᠡᠯᠡᠳᠡᠭ᠃ ᠬᠦᠮᠦᠰ ᠲᠡᠮᠡᠭᠡᠨ ᠤ ᠪᠦᠬᠦ ᠶᠢᠨ ᠠᠳᠠᠯᠢ ᠪᠤᠰᠤ ᠬᠡᠯᠪᠡᠷᠢ ᠪᠠᠶᠢᠳᠠᠯ ᠢ ᠨᠢ ᠦᠨᠳᠦᠰᠦᠯᠡᠵᠤ ᠤᠯᠠᠨ ᠲᠦᠷᠦᠯ ᠬᠤᠪᠢᠶᠠᠳᠠᠭ᠃ ᠴᠠᠭᠠᠨ ᠲᠤᠯᠤᠭᠠᠢ ᠶᠢᠨ ᠲᠡᠰ ᠲᠠᠷᠠᠭᠠᠯᠠᠯ ᠢᠶᠠᠷ ᠲᠤᠤᠷ᠎ᠠ ᠮᠡᠳᠦ ᠵᠢᠬᠰᠠᠭᠠᠪᠠᠯ᠄      ᠱᠠᠮᠠᠨ ᠪᠦᠬᠦᠳᠦ᠄ ᠬᠤᠶᠠᠷ ᠪᠦᠬᠦᠨ ᠤ ᠦᠵᠦᠭᠦᠷ ᠨᠢ ᠴᠦᠮ ᠤᠷᠤᠭᠰᠢ ᠪᠠᠨ ᠮᠤᠷᠤᠢ ᠲᠡᠮᠡᠭᠡ᠃      ᠱᠤᠪᠳᠤᠩ ᠪᠦᠬᠦᠳᠦ᠄ ᠪᠦᠬᠦ ᠨᠢ ᠦᠵᠦᠭᠦᠷ ᠦᠭᠡᠳᠡ ᠪᠠᠨ ᠨᠠᠷᠢᠨ ᠪᠦᠭᠡᠳ ᠵᠠᠯᠠᠭ᠎ᠠ ᠨᠢ ᠪᠠᠭ᠎ᠠ ᠲᠡᠮᠡᠭᠡ᠃      ᠲᠠᠰᠤᠷᠬᠠᠢ ᠪᠦᠬᠦᠳᠦ᠄ ᠲᠤᠮᠳᠠᠭᠤᠷ ᠢᠶᠠᠨ ᠨᠠᠷᠢᠬᠠᠨ ᠪᠦᠬᠦ ᠲᠠᠢ ᠲᠡᠮᠡᠭᠡ᠃      ᠲᠠᠳᠠᠩᠬᠠᠢ ᠪᠦᠬᠦᠳᠦ᠄ ᠪᠦᠬᠦᠨ ᠤ ᠨᠢᠭᠡ ᠬᠠᠵᠠᠭᠤ ᠶᠢᠨ ᠠᠷᠠᠰᠤ ᠨᠢ ᠭᠡᠮᠳᠦᠭᠰᠡᠨ ᠠᠴᠠ ᠪᠤᠯᠵᠤ ᠬᠡᠳᠦᠢ ᠲᠠᠷᠭᠤᠯᠠᠪᠠᠴᠤ ᠰᠢᠷᠡᠭᠡᠯᠡᠳᠡᠭ ᠦᠭᠡᠢ ᠪᠦᠬᠦ ᠲᠠᠢ ᠲᠡᠮᠡᠭᠡ᠃      ᠲᠤᠯᠤᠮᠤᠨ ᠪᠦᠬᠦᠳᠦ᠄ ᠬᠡᠳᠦᠢ ᠲᠠᠷᠭᠤᠯᠠᠪᠠᠴᠤ ᠪᠤᠰᠳᠠᠭ ᠦᠭᠡᠢ ᠤᠷᠳᠤ ᠪᠦᠬᠦ ᠲᠠᠢ ᠲᠡᠮᠡᠭᠡ᠃        ᠲᠠᠯᠢᠭᠠᠷ ᠪᠦᠬᠦᠳᠦ᠄ ᠰᠤᠯᠪᠢ ᠤᠨᠠᠭᠰᠠᠨ ᠤᠷᠳᠤ ᠪᠦᠳᠦᠭᠦᠨ ᠪᠦᠬᠦ ᠲᠠᠢ ᠲᠡᠮᠡᠭᠡ᠃      ᠲᠠᠷᠠᠭᠠᠷ ᠠᠶᠠᠰ᠄ ᠪᠦᠬᠦ ᠨᠢ ᠨᠢᠭᠡ ᠲᠡᠶᠢᠰᠢ ᠪᠠᠨ ᠪᠠᠭ᠋ᠠᠨ ᠬᠠᠵᠠᠶᠢᠭᠰᠠᠨ ᠲᠡᠮᠡᠭᠡ᠃      ᠲᠠᠷᠠᠭᠠᠷ ᠪᠦᠬᠦᠳᠦ᠄ ᠪᠦᠬᠦ ᠨᠢ ᠪᠠᠭ᠋ᠠᠨ ᠬᠠᠵᠠᠶᠢᠭᠰᠠᠨ ᠲᠡᠮᠡᠭᠡ᠃      ᠲᠠᠷᠠᠭᠠᠷ ᠰᠤᠯᠪᠢ᠄ ᠬᠤᠶᠠᠷ ᠪᠦᠬᠦ ᠨᠢ ᠬᠤᠶᠠᠷ ᠲᠡᠶᠢᠰᠢ ᠪᠠᠨ ᠪᠠᠭ᠋ᠠᠨ ᠬᠠᠵᠠᠶᠢᠭᠰᠠᠨ ᠲᠡᠮᠡᠭᠡ᠃        ᠲᠠᠷᠠᠭᠠᠷ ᠰᠤᠶᠤᠭ᠎ᠠ᠄ ᠡᠮᠦᠨ᠎ᠡ ᠪᠦᠬᠦ ᠨᠢ ᠰᠢᠷᠡᠭᠡ᠂ ᠬᠤᠶᠢᠳᠤ ᠪᠦᠬᠦ ᠨᠢ ᠪᠠᠭ᠋ᠠᠨ ᠬᠠᠵᠠᠶᠢᠭᠰᠠᠨ ᠲᠡᠮᠡᠭᠡ᠃      ᠲᠠᠷᠤᠤ ᠠᠶᠠᠰ᠄ ᠪᠦᠬᠦ ᠨᠢ ᠴᠦᠮ ᠨᠢᠭᠡ ᠲᠡᠶᠢᠰᠢ ᠪᠠᠨ ᠲᠠᠷᠤᠤ ᠪᠤᠯᠤᠭᠰᠠᠨ ᠲᠡᠮᠡᠭᠡ᠃      ᠲᠠᠷᠤᠤ ᠪᠦᠬᠦᠳᠦ᠄ ᠪᠦᠬᠦ ᠨᠢ ᠬᠠᠵᠠᠭᠤᠰᠢ ᠪᠠᠨ ᠬᠠᠵᠠᠶᠢᠵᠤ᠂ ᠪᠦᠬᠦᠨ ᠤ ᠦᠵᠦᠭᠦᠷ ᠨᠢ ᠤᠨᠵᠢᠭᠤ ᠪᠤᠯᠤᠭᠰᠠᠨ ᠲᠡᠮᠡᠭᠡ᠃      ᠲᠡᠭᠡᠷ᠎ᠡ ᠠᠶᠠᠰ᠄ ᠰᠢᠷᠡᠭᠡᠯᠡᠬᠦ ᠰᠢᠬᠠᠭᠰᠠᠨ ᠠᠶᠠᠰ ᠪᠦᠬᠦ ᠲᠠᠢ ᠲᠡᠮᠡᠭᠡ᠃      ᠲᠡᠭᠡᠷ᠎ᠡ ᠰᠤᠯᠪᠢ᠄ ᠰᠢᠷᠡᠭᠡᠯᠡᠬᠦ ᠰᠢᠬᠠᠭᠰᠠᠨ ᠰᠤᠯᠪᠢ ᠪᠦᠬᠦ ᠲᠠᠢ ᠲᠡᠮᠡᠭᠡ᠃      ᠲᠡᠭᠡᠷ᠎ᠡ ᠰᠤᠶᠤᠭ᠎ᠠ᠄ ᠡᠮᠦᠨ᠎ᠡ ᠪᠦᠬᠦ ᠨᠢ ᠰᠢᠷᠡᠭᠡ᠂ ᠬᠤᠶᠢᠳᠤ ᠪᠦᠬᠦ ᠨᠢ ᠰᠢᠷᠡᠭᠡᠯᠡᠬᠦ ᠰᠢᠬᠠᠭᠰᠠᠨ ᠲᠡᠮᠡᠭᠡ᠃        ᠲᠤᠤᠷ᠎ᠠ ᠠᠶᠠᠰ᠄ ᠲᠠᠷᠤᠤ ᠪᠦᠬᠦᠳᠦ ᠪᠡ ᠬᠡᠢ ᠪᠦᠬᠦᠳᠦ ᠶᠢᠨ ᠬᠤᠭᠤᠷᠤᠨᠳᠤ ᠪᠠᠶᠢᠭ᠎ᠠ ᠠᠶᠠᠰ ᠪᠦᠬᠦ ᠲᠠᠢ ᠲᠡᠮᠡᠭᠡ᠃        ᠲᠤᠤᠷ᠎ᠠ ᠰᠤᠯᠪᠢ᠄ ᠲᠠᠷᠤᠤ ᠪᠦᠬᠦᠳᠦ ᠪᠠ ᠬᠡᠢ ᠪᠦᠬᠦᠳᠦ ᠶᠢᠨ ᠬᠤᠭᠤᠷᠤᠨᠳᠤ ᠪᠠᠶᠢᠭ᠎ᠠ ᠰᠤᠯᠪᠢ ᠪᠦᠬᠦ ᠲᠠᠢ ᠲᠡᠮᠡᠭᠡ᠃      ᠲᠤᠤᠷ᠎ᠠ ᠰᠤᠶᠤᠭ᠎ᠠ᠄ ᠡᠮᠦᠨ᠎ᠡ ᠪᠦᠬᠦ ᠨᠢ ᠰᠢᠷᠡᠭᠡ᠂ ᠬᠤᠶᠢᠳᠤ ᠪᠦᠬᠦ ᠨᠢ ᠲᠠᠷᠤᠤ ᠪᠦᠬᠦᠳᠦ ᠪᠠ ᠬᠡᠢ ᠪᠦᠬᠦᠳᠦ  ᠶᠢᠨ ᠬᠤᠭᠤᠷᠤᠨᠳᠤ ᠪᠠᠶᠢᠭ᠎ᠠ ᠲᠡᠮᠡᠭᠡ᠃      ᠲᠤᠭ ᠰᠢᠷᠡᠭᠡ᠄ ᠬᠤᠶᠠᠷ ᠪᠦᠬᠦ ᠨᠢ ᠪᠤᠰᠤᠭ᠎ᠠ ᠮᠦᠷᠳᠡᠭᠡᠨ ᠪᠦᠬᠦᠨ ᠤ ᠰᠠᠴᠤᠭ ᠨᠢ ᠡᠭᠴᠡ ᠪᠤᠰᠤᠭ᠎ᠠ ᠲᠡᠮᠡᠭᠡ᠃      ᠴᠠᠯᠠᠭᠠᠢ ᠪᠦᠬᠦᠳᠦ᠄ ᠬᠤᠶᠠᠷ ᠪᠦᠬᠦᠨ ᠤ ᠦᠵᠦᠭᠦᠷ ᠨᠢ ᠡᠮᠦᠨᠡᠰᠢ ᠬᠤᠶᠢᠰᠢ ᠪᠠᠨ ᠮᠤᠷᠤᠶᠢᠭᠰᠠᠨ ᠪᠦᠬᠦ ᠲᠠᠢ ᠲᠡᠮᠡᠭᠡ᠃ ᠡᠭᠦᠨ ᠢ ᠪᠠᠰᠠ ᠶᠤᠸᠠᠮᠪᠤᠤ ᠪᠦᠬᠦᠳᠦ ᠭᠡᠳᠡᠭ᠃      ᠵᠠᠯᠠᠭ᠎ᠠ ᠲᠠᠷᠤᠤ᠄ ᠰᠢᠷᠡᠭᠡ ᠪᠦᠬᠦ ᠲᠠᠢ ᠪᠤᠯᠪᠠᠴᠤ ᠪᠦᠬᠦᠨ ᠤ ᠲᠤᠭ ᠨᠤᠤᠰᠤ ᠨᠢ ᠲᠦᠯᠭᠡᠬᠡᠨ ᠲᠠᠷᠤᠤ ᠲᠡᠮᠡᠭᠡ᠃      ᠵᠦᠪ ᠠᠶᠠᠰ᠄ ᠬᠤᠶᠠᠷ ᠪᠦᠬᠦ ᠨᠢ ᠵᠦᠪ ᠲᠡᠶᠢᠰᠢ ᠪᠠᠨ ᠨᠤᠭᠤᠷᠬᠠᠢ ᠲᠡᠮᠡᠭᠡ᠃        ᠵᠦᠪ ᠭᠡᠶᠡᠭᠦᠦ᠄ ᠬᠤᠶᠠᠷ ᠪᠦᠬᠦ ᠨᠢ ᠵᠦᠪ ᠲᠡᠶᠢᠰᠢ ᠪᠠᠨ ᠵᠢᠭᠠᠬᠠᠨ ᠮᠤᠷᠤᠢ ᠲᠡᠮᠡᠭᠡ᠃      ᠵᠦᠪ ᠰᠡᠷᠪᠡᠭᠡ᠄ ᠬᠤᠶᠠᠷ ᠪᠦᠬᠦᠨ ᠤ ᠦᠵᠦᠭᠦᠷ ᠨᠢ ᠵᠦᠪ ᠲᠡᠶᠢᠰᠢ ᠪᠠᠨ ᠲᠦᠯᠭᠡᠬᠡᠨ ᠮᠤᠷᠤᠢ ᠲᠡᠮᠡᠭᠡ᠃      ᠵᠦᠪ ᠰᠢᠷᠡᠭᠡ᠄ ᠪᠦᠬᠦᠨ ᠤ ᠲᠤᠭ ᠨᠢ ᠴᠦᠮ ᠵᠦᠪ ᠲᠡᠶᠢᠰᠢ ᠪᠠᠨ ᠲᠠᠷᠤᠤ ᠪᠠᠶᠢᠳᠠᠭ ᠲᠡᠮᠡᠭᠡ᠃      ᠵᠦᠪ ᠰᠤᠯᠪᠢ᠄ ᠡᠮᠦᠨ᠎ᠡ ᠪᠦᠬᠦ ᠨᠢ ᠵᠦᠪ ᠲᠡᠶᠢᠰᠢ᠂ ᠬᠤᠶᠢᠳᠤ ᠪᠦᠬᠦ ᠨᠢ ᠪᠤᠷᠤᠭᠤ ᠲᠡᠶᠢᠰᠢ ᠨᠤᠭᠤᠷᠠᠭᠰᠠᠨ ᠲᠡᠮᠡᠭᠡ᠃        ᠵᠦᠪ ᠰᠤᠶᠤᠭ᠎ᠠ᠄ ᠡᠮᠦᠨ᠎ᠡ ᠪᠦᠬᠦ ᠨᠢ ᠰᠢᠷᠡᠭᠡ᠂ ᠬᠤᠶᠢᠳᠤ ᠪᠦᠬᠦ ᠨᠢ ᠵᠦᠪ ᠲᠡᠶᠢᠰᠢ ᠨᠤᠭᠤᠷᠬᠠᠢ ᠲᠡᠮᠡᠭᠡ᠃      ᠵᠦᠪ ᠲᠠᠷᠠᠭᠠᠷ᠄ ᠬᠤᠶᠠᠷ ᠪᠦᠬᠦ ᠨᠢ ᠵᠦᠪ ᠲᠡᠶᠢᠰᠢ ᠪᠠᠨ ᠪᠠᠭ᠋ᠠᠨ ᠬᠠᠵᠠᠶᠢᠭᠰᠠᠨ ᠲᠡᠮᠡᠭᠡ᠃      ᠵᠦᠪ ᠲᠠᠷᠤᠤ᠄ ᠪᠦᠬᠦ ᠨᠢ ᠴᠦᠮ ᠵᠦᠪ ᠲᠡᠶᠢᠰᠢ ᠪᠠᠨ ᠲᠠᠷᠤᠤ ᠪᠤᠯᠤᠭᠰᠠᠨ ᠲᠡᠮᠡᠭᠡ᠃      ᠶᠠᠪᠴᠢᠭᠠᠷ ᠪᠦᠬᠦᠳᠦ᠄ ᠬᠤᠶᠠᠷ ᠪᠦᠬᠦ ᠨᠢ ᠨᠠᠭᠠᠯᠳᠤᠩᠬᠠᠢ ᠮᠦᠷᠳᠡᠭᠡᠨ ᠬᠠᠯᠢᠰᠤ ᠪᠤᠯᠳᠠᠯ᠎ᠠ ᠡᠴᠡᠭᠰᠡᠨ ᠲᠡᠮᠡᠭᠡ᠃      ᠶᠤᠸᠠᠮᠪᠤᠤ ᠪᠦᠬᠦᠳᠦ᠄ ᠴᠠᠯᠠᠭᠠᠢ ᠪᠦᠬᠦᠳᠦ ᠲᠠᠢ ᠠᠳᠠᠯᠢ᠃ᠡᠰᠢᠯᠡᠭᠰᠡᠨ ᠮᠠᠲ᠋ᠧᠷᠢᠶᠠᠯ᠄            ⒈ ᠪᠦᠷᠢᠨᠳᠡᠭᠦᠰ ᠤᠨ ᠨᠠᠶᠢᠷᠠᠭᠤᠯᠤᠭᠰᠠᠨ ︽ᠮᠤᠩᠭᠤᠯ ᠵᠠᠩ ᠦᠢᠯᠡ ᠶᠢᠨ ᠨᠡᠪᠳᠡᠷᠬᠡᠢ ᠲᠤᠯᠢ︾ ︵ᠠᠵᠤ ᠠᠬᠤᠢ ᠶᠢᠨ ᠪᠤᠳᠢ︶᠂ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ᠂ 1997 ᠤᠨ ᠤ 6 ᠰᠠᠷ᠎ᠠ ᠶᠢᠨ ᠬᠡᠪ᠃      ⒉ ᠰᠡᠴᠡᠨᠴᠤᠭᠳᠤ ᠶᠢᠨ ᠨᠠᠶᠢᠷᠠᠭᠤᠯᠤᠭᠰᠠᠨ ︽ᠮᠤᠩᠭᠤᠯ ᠬᠡᠯᠡ ᠰᠤᠶᠤᠯ ᠰᠤᠳᠤᠯᠤᠯ ᠤᠨ ᠦᠭᠦᠯᠡᠯ ᠤᠨ ᠴᠤᠪᠤᠷᠠᠯ︾᠂ ᠪᠡᠭᠡᠵᠢᠩ ᠤᠨ ᠦᠨᠳᠦᠰᠦᠳᠡᠨ ᠤ ᠬᠡᠪᠯᠡᠯ ᠤᠨ ᠬᠤᠷᠢᠶ᠎ᠠ᠂ 2009 ᠤᠨ ᠤ 6 ᠰᠠᠷ᠎ᠠ ᠶᠢᠨ ᠬᠡᠪ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号