ᠬᠠᠶᠢᠯᠠᠰᠤ ᠪᠠᠯᠭᠠᠰᠤ ᠶᠢᠨ ᠭᠠᠵᠠᠷ ᠤᠰᠤᠨ ᠤ ᠮᠤᠩᠭᠤᠯ ᠨᠡᠷᠡᠰ ᠤᠳ ︵ᠭᠤᠷᠪᠠ︶
ᠨᠡᠶᠢᠲᠡᠯᠡᠭᠰᠡᠨ ᠴᠠᠭ᠄
2023/10/17
     ᠲᠤᠭᠤᠨᠤᠳᠤ ᠶᠢᠨ ᠤᠳᠤᠷ 套恩图敖特尔      1954 ᠤᠨ ᠳᠤ ᠮᠤᠩᠭᠤᠯ ᠭᠡᠷ ᠤᠨ ᠲᠤᠭᠤᠨᠤ ᠬᠠᠶᠠᠭᠰᠠᠨ ᠭᠠᠵᠠᠷ ᠲᠤ ᠤᠳᠤᠷ ᠪᠠᠶᠢᠭᠤᠯᠵᠤ ᠡᠶᠢᠮᠦ ᠨᠡᠷ᠎ᠡ ᠦᠭᠴᠠᠢ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ  ᠠᠴᠠ ᠵᠡᠭᠦᠨ ᠡᠮᠦᠨ᠎ᠡ 9 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠴᠠᠭᠠᠨ ᠨᠤᠬᠠᠢ ᠶᠢᠨ ᠤᠳᠤᠷ 查干瑙海敖特尔      1953 ᠤᠨ ᠳᠤ᠂ ᠨᠢᠭᠡ ᠴᠠᠭᠠᠨ ᠨᠤᠬᠠᠢ ᠶᠢᠨ ᠦᠭᠦᠭᠰᠡᠨ ᠭᠠᠵᠠᠷ ᠳᠡᠭᠡᠷ᠎ᠡ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ  ᠠᠴᠠ ᠵᠡᠭᠦᠨ ᠡᠮᠦᠨ᠎ᠡ 15.5 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃          ᠴᠤᠷᠭᠤ ᠶᠢᠨ ᠤᠳᠤᠷ 超日高敖特尔      ᠲᠡᠪᠤᠷ᠎ᠡ ᠶᠢᠨ ᠴᠤᠷᠭᠤ ᠭᠡᠯᠪᠡᠷᠢᠲᠠᠢ ᠮᠠᠩᠬᠠᠨ ᠴᠦᠩᠭᠦᠷᠡᠭ ᠳᠤᠳᠤᠷ᠎ᠠ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ  ᠠᠴᠠ ᠵᠡᠭᠦᠨ ᠡᠮᠦᠨ᠎ᠡ 13 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠲᠤᠭᠤᠭᠠᠴᠢ ᠶᠢᠨ ᠤᠳᠤᠷ 陶高其敖特尔      1960 ᠤᠨ ᠳᠤ ᠠᠳᠡ ᠮᠠᠯ ᠤᠨ ᠤᠳᠤᠷ ᠪᠠᠷᠢᠵᠤ᠂ ᠲᠤᠭᠤᠭᠠᠴᠢ ᠭᠡᠰᠡᠨ ᠨᠡᠷ᠎ᠡ ᠲᠠᠢ ᠭᠦᠮᠦᠨ ᠮᠠᠯᠴᠢᠨ ᠪᠤᠯᠵᠤ᠂ ᠤᠳᠤᠷ ᠳᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠵᠡᠭᠦᠨ ᠡᠮᠦᠨ᠎ᠡ 18 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠡᠷᠳᠡᠨᠢᠴᠢᠯᠠᠭᠤ ᠶᠢᠨ ᠤᠳᠤᠷ 额尔敦朝鲁敖特尔      1954 ᠤᠨ ᠳᠤ ᠠᠳᠡ ᠮᠠᠯ ᠤᠨ ᠤᠳᠤᠷ ᠪᠠᠷᠢᠵᠤ᠂ ᠡᠷᠳᠡᠨᠢᠴᠢᠯᠠᠭᠤ ᠭᠡᠰᠡᠨ ᠨᠡᠷ᠎ᠡ ᠲᠠᠢ ᠭᠦᠮᠦᠨ ᠮᠠᠯᠴᠢᠨ ᠪᠤᠯᠵᠤ᠂ ᠤᠳᠤᠷ ᠳᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠵᠡᠭᠦᠨ ᠡᠮᠦᠨ᠎ᠡ 40 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠠᠯᠠᠭ ᠨᠤᠬᠠᠢ ᠶᠢᠨ ᠤᠳᠤᠷ阿拉嘎瑙海敖特尔      1954 ᠤᠨ ᠳᠤ ᠦᠷᠭᠦᠯᠵᠢ ᠠᠯᠠᠭ ᠨᠤᠬᠠᠢ ᠶᠠᠪᠤᠳᠠᠭ ᠭᠠᠵᠠᠷ ᠲᠤ ᠮᠠᠯ ᠤᠨ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ  ᠠᠴᠠ ᠵᠡᠭᠦᠨ ᠡᠮᠦᠨ᠎ᠡ 16 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠨᠠᠭᠠᠳᠤᠮ ᠤᠨ ᠴᠠᠭᠠᠨ ᠤ ᠤᠳᠤᠷ那达慕查干敖特尔      1960 ᠤᠨ ᠳᠤ᠂ ᠤᠷᠢᠳᠤ ᠨᠠᠭᠠᠳᠤᠮ ᠤᠨ ᠬᠤᠷᠠᠯ ᠭᠢᠵᠤ ᠦᠩᠭᠡᠷᠡᠭᠰᠡᠨ ᠴᠠᠭᠠᠨ ᠮᠠᠩᠬᠠᠨ ᠤ ᠤᠷᠴᠢᠮ ᠳᠤ ᠮᠠᠯ‌‍ᠤᠨ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ‌‍ᠤᠨ ᠵᠠᠰᠠᠭ‌‍ᠤᠨ ᠤᠷᠳᠤᠨ‌‍ᠤ ᠰᠠᠭᠤᠭ᠎ᠠ ᠭᠠᠵᠠᠷ ᠠᠴᠠ ᠵᠡᠭᠦᠨ ᠡᠮᠦᠨ᠎ᠡ 14.5 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠪᠤᠮᠠᠨ ᠨᠠᠭᠤᠷ ᠤᠨ ᠤᠳᠤᠷ 宝门诺尔敖特尔      1980 ᠤᠨ ᠳᠤ ︽ᠪᠤᠮᠠᠨ ᠨᠠᠭᠤᠷ︾ ᠭᠡᠰᠡᠨ ᠨᠡᠷ᠎ᠡ ᠲᠠᠢ ᠨᠠᠭᠤᠷ ᠤᠨ ᠳᠡᠷᠭᠡᠳᠡ ᠮᠠᠯ ᠤᠨ ᠤᠳᠤᠷ ᠪᠠᠶᠢᠭᠤᠯᠵᠠᠢ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ  ᠠᠴᠠ ᠵᠡᠭᠦᠨ ᠡᠮᠦᠨ᠎ᠡ 12 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠬᠤᠶᠠᠷ ᠮᠤᠳᠤ ᠶᠢᠨ ᠠᠶᠢᠯ 浩雅日毛都艾勒      ᠤᠨ ᠲᠤᠭᠠᠯᠠᠯ ᠤᠨ 1795—1820 ᠤᠨ ᠤ ᠦᠶ᠎ᠡ ᠪᠠᠷ ᠬᠤᠶᠠᠷ ᠰᠠᠭᠤᠷᠢ ᠲᠤᠮᠤ ᠤᠳᠠᠨ ᠮᠤᠳᠤᠨ ᠤ ᠳᠡᠷᠭᠡᠳᠡ ᠠᠶᠢᠯ ᠰᠠᠭᠤᠵᠤ ᠡᠶᠢᠮᠦ ᠨᠡᠷ᠎ᠡ ᠲᠠᠢ ᠠᠶᠢᠯ ᠪᠤᠯᠪᠠ᠃ ᠡᠨᠡ ᠠᠶᠢᠯ ᠨᠢ ᠬᠠᠶᠢᠯᠠᠰᠤ ᠪᠠᠯᠭᠠᠰᠤ ᠶᠢᠨ ᠠᠷᠠᠳ  ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠵᠡᠭᠦᠨ ᠡᠮᠦᠨ᠎ᠡ 13 ᠺᠢᠯᠤᠮᠧᠲᠷ ᠬᠤᠯᠠ ᠮᠠᠩᠬᠠᠨ ᠠᠷᠤ ᠶᠢᠨ ᠲᠠᠯ᠎ᠠ ᠶᠢᠨ ᠭᠦᠪᠡᠭᠡ ᠳᠤ ᠪᠠᠶᠢᠨ᠎ᠠ᠃      ᠭᠡᠷ ᠰᠤᠭᠤ 格日苏古      ᠬᠤᠶᠠᠷ ᠮᠤᠳᠤ ᠶᠢᠨ ᠠᠶᠢᠯ ᠤᠨ ᠵᠡᠭᠦᠨᠲᠠᠢ ᠮᠠᠩᠬᠠᠨ ᠬᠤᠰᠢᠭᠤ ᠶᠢ ᠳᠠᠪᠠᠵᠤ ᠭᠠᠷᠤᠭᠰᠠᠭᠠᠷ ᠤᠤᠯ ᠤᠨ ᠬᠤᠶᠠᠷ ᠮᠤᠳᠤ ᠪᠠᠷᠢᠭᠠᠲᠠ ᠶᠢᠨ ᠲᠠᠷᠢᠶᠠᠨ ᠭᠡᠷ ᠭᠦᠷᠳᠡᠭ᠃ ᠡᠨᠡ ᠭᠡᠷ ᠪᠠᠶᠢᠬᠤ ᠭᠠᠵᠠᠷ ᠢ ︽ᠭᠡᠷ ᠰᠤᠭᠤ︾ ᠭᠡᠳᠡᠭ᠃ ᠠᠳᠡ  ᠠᠴᠠ ᠵᠡᠭᠦᠨᠰᠢ ᠪᠠᠨ ᠪᠠᠶᠢᠬᠤ ᠲᠠᠯ᠎ᠠ ᠭᠠᠵᠠᠷ ᠢ ︽ᠰᠢᠷ᠎ᠠ ᠬᠤᠸᠠᠷ ᠤᠨ ᠲᠠᠯ᠎ᠠ︾ ᠭᠡᠳᠡᠭ᠃ ᠠᠳᠡ ᠠᠴᠠ ᠵᠡᠭᠦᠨ ᠡᠮᠦᠨᠡᠰᠢ ᠡᠷᠢᠶᠠᠨ ᠮᠠᠩᠬ᠎ᠠ ᠶᠢᠨ ᠠᠶᠢᠯ ᠤᠨ ᠪᠠᠷᠠᠭᠤᠨ ᠬᠤᠶᠢᠨ᠎ᠠ ᠭᠦᠷᠭᠦ ᠮᠠᠩᠬᠠᠨ ᠪᠤᠯᠤᠩ ᠳᠠᠬᠢ ᠪᠢᠴᠢᠬᠠᠨ ᠲᠠᠯ᠎ᠠ ᠭᠠᠵᠠᠷ ᠢ ︽ᠪᠠᠶᠠᠨ ᠲᠠᠯ᠎ᠠ︾ ᠭᠡᠳᠡᠭ᠃ ᠡᠭᠦᠨ ᠠᠴᠠ ᠪᠤᠯᠵᠤ ᠬᠤᠷᠰᠢᠶᠠᠵᠢᠯᠲᠠ ᠶᠢᠨ ᠦᠶ᠎ᠡ ᠳᠤ ︽ᠬᠤᠶᠠᠷᠮᠤᠳᠤ ᠬᠤᠷᠰᠢᠶ᠎ᠠ︾ ᠨᠢ ᠪᠠᠰᠠ ︽ᠪᠠᠶᠠᠵᠢᠬᠤ ᠲᠯ᠎ᠠ ᠬᠤᠷᠰᠢᠶ᠎ᠠ︾ ᠭᠡᠰᠡᠨ ᠨᠡᠷ᠎ᠡ ᠶᠢ ᠭᠡᠷᠡᠭᠯᠡᠵᠤ ᠦᠩᠭᠡᠷᠡᠪᠡ᠃      ᠨᠠᠷᠢᠨ ᠴᠠᠭᠠᠨ ᠤ ᠤᠳᠤᠷ那林查干敖特尔      1954 ᠤᠨ ᠳᠤ ᠨᠢᠭᠡᠨ ᠨᠠᠷᠢᠬᠠᠨ ᠤᠷᠳᠤ ᠴᠠᠭᠠᠨ ᠮᠠᠩᠬᠠᠨ ᠤ ᠡᠩᠭᠡᠷ ᠲᠤ ᠮᠠᠯ ᠤᠨ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠵᠡᠭᠦᠨ ᠡᠮᠦᠨ᠎ᠡ 18 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠰᠤᠳᠠᠯ ᠤᠨ ᠤᠳᠤᠷ素德勒敖特尔      1954 ᠤᠨ ᠳᠤ ᠭᠡᠳᠤᠨ ᠵᠤᠷᠪᠤᠰ ᠰᠤᠳᠠᠯ ᠠᠳᠠᠯᠢ ᠰᠤᠨᠤᠯᠵᠠᠭᠰᠠᠨ ᠡᠯᠡᠰᠤᠨ ᠤ ᠳᠤᠮᠳᠠ ᠮᠠᠯ ᠤᠨ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠵᠡᠭᠦᠨ ᠡᠮᠦᠨ᠎ᠡ 20 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号