ᠬᠠᠶᠢᠯᠠᠰᠤ ᠪᠠᠯᠭᠠᠰᠤ ᠶᠢᠨ ᠭᠠᠵᠠᠷ ᠤᠰᠤᠨ ᠤ ᠮᠤᠩᠭᠤᠯ ᠨᠡᠷᠡᠰ ᠤᠳ ︵ᠳᠥᠷᠪᠡ︶
ᠨᠡᠶᠢᠲᠡᠯᠡᠭᠰᠡᠨ ᠴᠠᠭ᠄
2023/10/23
     ᠤᠪᠤᠭ᠎ᠠ ᠨᠠᠭᠤᠷ ᠤᠨ ᠠᠶᠢᠯ敖包诺尔艾勒      ᠤᠨ ᠲᠤᠭᠠᠯᠠᠯ ᠤᠨ1875—1980 ᠤᠨ ᠤ ᠦᠶ᠎ᠡ ᠪᠠᠷ ᠳᠠᠭᠢᠯᠭ᠎ᠠ ᠲᠠᠢ ᠤᠪᠤᠭ᠎ᠠ ᠶᠢᠨ ᠡᠩᠭᠡᠷ ᠤᠨ ᠨᠠᠭᠤᠷ ᠤᠨ ᠳᠡᠷᠭᠡᠳᠡ ᠠᠶᠢᠯ ᠰᠠᠭᠤᠵᠤ ᠡᠶᠢᠮᠦ ᠨᠡᠷ᠎ᠡ ᠶᠢ ᠠᠪᠤᠪᠠ᠃ ᠡᠨᠡ ᠠᠶᠢᠯ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠪᠠᠷᠠᠭᠤᠨ ᠡᠮᠦᠨ᠎ᠡ 8.5 ᠺᠢᠯᠤᠮᠧᠲᠷ ᠬᠤᠯᠠ ᠮᠠᠩᠬᠠᠨ  ᠳᠤ ᠪᠠᠶᠢᠨ᠎ᠠ᠃      ᠤᠯᠠᠭᠠᠨ ᠳᠠᠭ᠎ᠠ ᠶᠢᠨ ᠤᠳᠤᠷ 乌兰达嘎敖特尔      1961 ᠤᠨ ᠳᠤ ᠤᠩᠨᠢᠭᠤᠳ ᠠᠷᠠᠳ ᠤᠨ ᠠᠮᠠᠨ ᠦᠯᠢᠭᠡᠷ ︽ᠤᠯᠠᠭᠠᠨ ᠳᠠᠭ᠎ᠠ︾ ᠤᠨ ᠡᠭᠦᠰᠴᠤ ᠭᠠᠷᠤᠭᠰᠠᠨ ᠲᠠᠯ᠎ᠠ ᠳᠡᠭᠡᠷ᠎ᠡ ᠮᠠᠯ ᠤᠨ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠠᠳᠡᠭᠢ ᠲᠠᠯ᠎ᠠ ᠪᠤᠯ ᠮᠠᠩᠬᠠᠨ ᠳᠤᠮᠳᠠᠭᠢ ᠵᠢᠵᠢᠭ ᠲᠠᠯ᠎ᠠ ᠪᠤᠯᠤᠨ᠎ᠠ᠃ ᠳᠠᠯ᠎ᠠ ᠶᠢᠨ ᠤᠶᠢᠷᠠᠯᠴᠠᠭ᠎ᠠ ︽ᠬᠤᠮᠤᠭᠳᠤ ᠶᠢᠨ ᠨᠠᠭᠤᠷ︾ ᠭᠡᠰᠡᠨ ᠵᠢᠵᠢᠭ ᠨᠠᠭᠤᠷ ᠪᠠᠶᠢᠳᠠᠭ᠃ ᠤᠷᠢᠳᠤ ᠡᠨᠡ ᠲᠠᠯ᠎ᠠ ᠳᠤ ᠨᠢᠭᠡᠨ ᠠᠳᠤᠭᠤᠴᠢᠨ ᠠᠳᠤᠭᠤ ᠬᠠᠷᠢᠭᠤᠯᠳᠠᠭ ᠪᠠᠶᠢᠵᠠᠢ᠂ ᠡᠨᠡ ᠠᠳᠤᠭᠤᠴᠢᠨ ᠤ ᠠᠳᠤᠭᠤ ᠠᠴᠠ ᠨᠢᠭᠡ ᠠᠯᠲᠠᠨ ᠤᠨᠠᠭ᠎ᠠ ᠲᠦᠷᠦᠭᠰᠡᠨ ᠭᠡᠨ᠎ᠡ᠂ ᠨᠢᠭᠡᠨ ᠡᠳᠦᠷ ᠡᠮᠦᠨ᠎ᠡ ᠤᠷᠤᠨ ᠠᠴᠠ ᠢᠷᠡᠭᠰᠡᠨ ᠦᠵᠡᠭᠡᠴᠢ ᠡᠭᠦᠨ ᠢ ᠤᠯᠵᠤ ᠮᠡᠳᠡᠭᠡᠳ ᠠᠯᠲᠠᠨ ᠤᠨᠠᠭ᠎ᠠ ᠶᠢ ᠬᠤᠯᠠᠭᠠᠶᠢᠯᠠᠵᠤ ᠠᠪᠬᠤ ᠭᠡᠵᠤ ᠳᠡᠪᠢᠭᠦᠷ ᠳᠤᠳᠤᠷ᠎ᠠ ᠠᠯᠲᠠᠨ ᠪᠤᠷᠴᠠᠭ ᠭᠢᠵᠤ᠂ ᠠᠯᠲᠠᠨ ᠨᠤᠭᠳᠤ ᠪᠠᠷᠢᠭᠰᠠᠭᠠᠷ ᠦᠨᠦ ᠠᠯᠲᠠᠨ ᠤᠨᠠᠭ᠎ᠠ ᠶᠢ ᠪᠠᠷᠢᠬᠤ ᠪᠠᠷ ᠬᠤᠮᠤᠭᠳᠤ ᠶᠢᠨ ᠨᠠᠭᠤᠷ ᠤᠨ ᠳᠡᠷᠭᠡᠳᠡ ᠭᠦᠷᠴᠡᠢ᠃ ᠡᠭᠦᠨ ᠢ ᠤᠯᠵᠤ ᠦᠵᠡᠭᠰᠡᠨ ᠠᠳᠤᠭᠤᠴᠢᠨ ᠰᠠᠨᠳᠤᠷᠬᠠᠨ᠄ ︽ᠭᠦᠢ︕︾ ᠭᠡᠵᠤ ᠬᠠᠰᠭᠢᠷᠤᠭᠰᠠᠨ ᠳᠤ ᠨᠢᠭᠡᠨᠲᠡ ᠨᠤᠭᠳᠤᠯᠠᠭᠳᠠᠭᠰᠠᠨ ᠠᠯᠲᠠᠨ ᠤᠨᠠᠭ᠎ᠠ ᠨᠢ ᠦᠰᠦᠷᠭᠡᠶᠢᠯᠡᠨ ᠨᠠᠭᠤᠷ ᠤᠨ ᠤᠰᠤᠨ ᠳᠤ ᠤᠷᠤᠭᠰᠠᠨ ᠭᠡᠨ᠎ᠡ᠃ ᠠᠯᠲᠠᠨ ᠤᠨᠠᠭ᠎ᠠ ᠦᠨᠦ ᠬᠤᠯᠠᠭᠠᠶᠢᠴᠢ ᠲᠠᠢ ᠲᠡᠮᠡᠴᠡᠯᠳᠤᠨ ᠪᠡᠶ᠎ᠡ ᠪᠠᠨ ᠰᠢᠷᠬᠠᠲᠠᠭᠤᠯᠵᠤ ᠴᠢᠰᠤ ᠭᠠᠷᠴᠤ ᠤᠯᠠᠭᠠᠨ ᠤᠨᠠᠭ᠎ᠠ ᠪᠤᠯᠴᠢᠵᠠᠢ ᠭᠡᠨ᠎ᠡ᠂ ᠳᠠᠷᠠᠭ᠎ᠠ ᠵᠢᠯ ᠨᠢ ᠡᠨᠡ ᠲᠠᠯ᠎ᠠ ᠳᠤ ᠤᠯᠠᠭᠠᠨ ᠳᠠᠭ᠎ᠠ ᠪᠡᠯᠴᠢᠭᠦ ᠪᠤᠯᠪᠠ᠂ ᠭᠦᠮᠦᠰ ᠢᠩᠭᠢᠭᠡᠳ ᠡᠨᠡ ᠲᠠᠯ᠎ᠠ ᠶᠢ ᠤᠯᠠᠭᠠᠨ ᠳᠠᠭ᠎ᠠ ᠶᠢᠨ ᠲᠠᠯ᠎ᠠ ᠭᠡᠵᠤ ᠳᠠᠭᠤᠳᠠᠬᠤ ᠪᠤᠯᠤᠭᠰᠠᠨ ᠭᠡᠳᠡᠭ᠃ ᠤᠯᠠᠭᠠᠨ ᠳᠠᠭ᠎ᠠ ᠶᠢᠨ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠪᠠᠷᠠᠭᠤᠨ ᠡᠮᠦᠨ᠎ᠡ 7 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠬᠤᠮᠤᠭᠳᠤ ᠶᠢᠨ ᠤᠳᠤᠷ 浩木格图敖特尔      1954 ᠤᠨ ᠳᠤ ᠬᠤᠮᠤᠭᠳᠤ ᠶᠢᠨ ᠨᠠᠭᠤᠷ ᠤᠨ ᠳᠡᠷᠭᠡᠳᠡ ᠮᠠᠯ ᠤᠨ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ  ᠠᠴᠠ ᠪᠠᠷᠠᠭᠤᠨ ᠡᠮᠦᠨ᠎ᠡ 12.5 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠨᠠᠭᠠᠳᠤᠮ ᠤᠨ ᠴᠠᠭᠠᠨ ᠤ ᠤᠳᠤᠷ那达慕查干敖特尔      1960 ᠤᠨ ᠳᠤ᠂ ᠤᠷᠢᠳᠤ ᠨᠠᠭᠠᠳᠤᠮ ᠤᠨ ᠬᠤᠷᠠᠯ ᠭᠢᠵᠤ ᠦᠩᠭᠡᠷᠡᠭᠰᠡᠨ ᠨᠢᠭᠡᠨ ᠮᠠᠩᠬᠠᠨ ᠤ ᠳᠡᠷᠭᠡᠳᠡ ᠮᠠᠯ  ᠤᠨ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ  ᠤᠨ ᠤᠷᠳᠤᠨ ᠤ ᠰᠠᠭᠤᠭ᠎ᠠ ᠭᠠᠵᠠᠷ ᠠᠴᠠ ᠪᠠᠷᠠᠭᠤᠨ ᠡᠮᠦᠨ᠎ᠡ 11 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠴᠢᠨ᠋ᠸ᠎ᠠ ᠶᠢᠨ ᠵᠠᠳᠠᠭᠠᠢ ᠶᠢᠨ ᠤᠳᠤᠷ 朝努吉达盖敖特尔      1954 ᠤᠨ ᠳᠤ᠂ ᠴᠢᠨ᠋ᠸ᠎ᠠ ᠡᠭᠦᠷᠯᠡᠵᠤ ᠦᠩᠭᠡᠷᠡᠭᠰᠡᠨ ᠵᠠᠳᠠᠭᠠᠢ ᠲᠠᠯ᠎ᠠ ᠭᠠᠵᠠᠷ ᠮᠠᠯ ᠤᠨ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠪᠠᠷᠠᠭᠤᠨ ᠡᠮᠦᠨ᠎ᠡ 13.5 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠤᠯᠠᠭᠠᠨ ᠪᠤᠯᠠᠭ ᠤᠨ ᠤᠳᠤᠷ 乌兰布拉格敖特尔      1980 ᠤᠨ ᠳᠤ ᠮᠠᠩᠬᠠᠨ ᠤᠳᠤᠷ ᠳᠡᠭᠡᠷ᠎ᠡ ᠪᠠᠨ ᠮᠠᠰᠢᠨ ᠬᠤᠳᠳᠤᠭ ᠭᠠᠷᠭᠠᠵᠤ᠂ ᠬᠤᠳᠳᠤᠭ ᠲᠠᠭᠠᠨ ︽ᠤᠯᠠᠭᠠᠨ ᠪᠤᠯᠠᠭ︾ ᠭᠡᠰᠡᠨ ᠨᠡᠷ᠎ᠡ ᠦᠭᠴᠤ᠂ ᠤᠳᠤᠷ ᠳᠠᠭᠠᠨ ︽ᠤᠯᠠᠭᠠᠨ ᠪᠤᠯᠠᠭ ᠤᠨ ᠤᠳᠤᠷ︾ ᠭᠡᠰᠡᠨ ᠨᠡᠷ᠎ᠡ ᠦᠭᠴᠠᠢ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ  ᠠᠴᠠ ᠪᠠᠷᠠᠭᠤᠨ ᠡᠮᠦᠨ᠎ᠡ 14 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠭᠦᠯᠲᠠᠯ᠎ᠠ ᠤᠨ ᠠᠶᠢᠯ呼拉塔拉艾勒      ᠤᠨ ᠲᠤᠭᠠᠯᠠᠯ ᠤᠨ1796—1820 ᠤᠨ ᠤ ᠦᠶ᠎ᠡ ᠪᠠᠷ ᠤᠩᠨᠢᠭᠤᠳ ᠬᠠᠯᠵᠠᠨ ᠠᠭᠤᠯᠠᠨ ᠤ ᠡᠩᠭᠡᠷ ᠤᠨ ᠲᠠᠯ᠎ᠠ ᠶᠢᠨ ᠭᠦᠯ ᠳᠡᠭᠡᠷ᠎ᠡ ᠠᠶᠢᠯ ᠰᠠᠭᠤᠵᠤ ᠡᠶᠢᠮᠦ ᠨᠡᠷ᠎ᠡ ᠦᠭᠪᠡ᠃ ᠡᠨᠡ ᠠᠶᠢᠯ ᠨᠢ ᠠᠷᠤ ᠶᠢᠨ ᠠᠶᠢᠯ᠂ ᠳᠤᠮᠳᠠ ᠠᠶᠢᠯ᠂ ᠡᠮᠦᠨ᠎ᠡ ᠠᠶᠢᠯ ᠭᠡᠵᠤ ᠭᠤᠷᠪᠠᠨ ᠠᠶᠢᠯ ᠢᠶᠠᠷ ᠪᠦᠷᠢᠯᠳᠦᠭᠰᠡᠨ ᠲᠤᠮᠤ ᠠᠶᠢᠯ ᠪᠤᠯᠤᠨ᠎ᠠ᠃ ᠡᠨᠡ ᠠᠶᠢᠯ ᠳᠤ ᠭᠦᠯᠲᠠᠯ᠎ᠠ ᠭᠠᠴᠠᠭ᠎ᠠ ᠶᠢᠨ ᠵᠦᠪᠯᠡᠯ ᠰᠠᠭᠤᠵᠤ ᠪᠠᠶᠢᠨ᠎ᠠ᠃ ᠡᠨᠡ ᠠᠶᠢᠯ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠪᠠᠷᠠᠭᠤᠨ ᠡᠮᠦᠨ᠎ᠡ 9 ᠺᠢᠯᠤᠮᠧᠲᠷ ᠬᠤᠯᠠ ᠪᠠᠶᠢᠨ᠎ᠠ᠃      ᠭᠦᠯᠲᠠᠯ᠎ᠠ ᠶᠢᠨ ᠬᠤᠸᠠ呼勒塔拉花      ᠭᠦᠯᠲᠠᠯ᠎ᠠ ᠤᠨ ᠠᠶᠢᠯ ᠤᠨ ᠠᠷᠤ ᠶᠢᠨ ᠠᠶᠢᠯ ᠤᠨ ᠳᠤᠮᠳᠠ ᠨᠢᠭᠡᠨ ᠪᠢᠴᠢᠬᠠᠨ ᠬᠤᠸᠠ ᠠᠭᠤᠯᠠ ᠪᠠᠶᠢᠳᠠᠭ᠃ ᠡᠨᠡ ᠠᠭᠤᠯᠠᠨ ᠳᠡᠭᠡᠷ᠎ᠡ ᠤᠩᠨᠢᠭᠤᠳ ᠵᠡᠭᠦᠨ ᠭᠠᠷᠤᠨ ᠬᠤᠰᠢᠭᠤᠨ ᠤ ᠵᠡᠭᠦᠨ ᠭᠠᠷ ᠤᠨ ᠲᠤᠰᠠᠯᠠᠭᠴᠢ ᠰᠦᠴᠢᠩᠭ᠎ᠠ ︵ᠸᠠᠩᠴᠤᠭ᠂ ᠪᠠᠰᠠ ᠬᠠᠯᠵᠠᠨ ᠲᠤᠰᠠᠯᠠᠭᠴᠢ ᠭᠡᠳᠡᠭ︶ ᠶᠢᠨ ᠭᠡᠷ ᠤᠨ ᠳᠠᠭᠢᠯᠭ᠎ᠠ ᠲᠠᠢ ᠤᠪᠤᠭ᠎ᠠ ᠪᠠᠶᠢᠪᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号