ᠪᠠᠶᠠᠨ ᠬᠤᠰᠢᠭᠤ ᠶᠢᠨ ᠠᠶᠢᠯ 巴彦呼舒艾勒 | 1958 ᠤᠨ ᠳᠤ ᠪᠠᠶᠠᠨ ᠬᠤᠰᠢᠭᠤ ᠠᠭᠤᠯᠠᠨ ᠤ ᠡᠩᠭᠡᠷ ᠳᠡᠭᠡᠷ᠎ᠡ ᠠᠶᠢᠯ ᠪᠠᠶᠢᠭᠤᠯᠵᠤ ᠡᠶᠢᠮᠦ ᠨᠡᠷᠡᠶᠢᠳᠪᠡ᠃ | ᠡᠨᠡ ᠠᠶᠢᠯ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠪᠠᠷᠠᠭᠤᠨ | ᠡᠮᠦᠨ᠎ᠡ 6.5 ᠺᠢᠯᠤᠮᠧᠲᠷ ᠬᠤᠯᠠ ᠪᠠᠶᠢᠨ᠎ᠠ᠃ | ᠴᠢᠮᠠᠳᠰᠧᠷᠡᠩ ᠤᠨ ᠤᠳᠤᠷ 其莫斯楞敖特尔 | 1958 ᠤᠨ ᠳᠤ ᠠᠳᠡ ᠮᠠᠯ ᠤᠨ ᠤᠳᠤᠷ ᠪᠠᠶᠢᠭᠤᠯᠵᠤ᠂ ᠮᠠᠯᠴᠢᠨ ᠴᠢᠮᠡᠳᠰᠧᠷᠡᠩ ᠤᠨ ᠨᠡᠷ᠎ᠡ ᠪᠠᠷ ᠤᠳᠤᠷ | ᠤᠨ ᠨᠡᠷ᠎ᠡ ᠪᠠᠨ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ | ᠰᠠᠭᠤᠭ᠎ᠠ ᠭᠠᠵᠠᠷ ᠠᠴᠠ ᠪᠠᠷᠠᠭᠤᠨ ᠡᠮᠦᠨ᠎ᠡ 12.5 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃ | ᠤᠯᠠᠭᠠᠨᠯᠠᠮᠠ ᠶᠢᠨ ᠤᠳᠤᠷ乌兰喇嘛敖特尔 | 1960 ᠤᠨ ᠳᠤ ᠠᠳᠡ ᠮᠠᠯ ᠤᠨ ᠤᠳᠤᠷ ᠪᠠᠶᠢᠭᠤᠯᠵᠤ᠂ ᠮᠠᠯᠴᠢᠨ ᠤᠯᠠᠭᠠᠨᠯᠠᠮᠠ ᠤᠨ ᠨᠡᠷ᠎ᠡ ᠪᠠᠷ ᠤᠳᠤᠷ | ᠤᠨ ᠨᠡᠷ᠎ᠡ ᠶᠢ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ | ᠰᠠᠭᠤᠭ᠎ᠠ ᠭᠠᠵᠠᠷ ᠠᠴᠠ ᠪᠠᠷᠠᠭᠤᠨ ᠡᠮᠦᠨ᠎ᠡ 15.5 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃ | ᠠᠬ᠎ᠠ ᠲᠠᠯ᠎ᠠ ᠶᠢᠨ ᠤᠳᠤᠷ阿哈塔拉敖特尔 | 1954 ᠤᠨ ᠳᠤ ᠠᠬ᠎ᠠ ᠲᠠᠯ᠎ᠠ ᠭᠡᠰᠡᠨ ᠭᠠᠵᠠᠷ ᠲᠤ ᠮᠠᠯ ᠤᠨ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ | ᠡᠨᠡ ᠲᠠᠯ᠎ᠠ ᠭᠠᠵᠠᠷ ᠨᠢ ᠭᠦᠯᠲᠠᠯᠠ ᠶᠢᠨ ᠠᠶᠢᠯ ᠤᠨ ᠬᠠᠮᠤᠭ ᠨᠢᠭᠡᠳᠤᠭᠡᠷ ᠲᠠᠯ᠎ᠠ ᠭᠠᠵᠠᠷ ᠪᠤᠯᠬᠤᠷ ᠠᠬ᠎ᠠ ᠲᠠᠯ᠎ᠠ ᠭᠡᠵᠠᠢ᠃ | ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠡᠮᠦᠨ᠎ᠡ 12 | ᠺᠢᠯᠤᠮᠧᠲᠷ ᠬᠤᠯᠠ ᠮᠠᠩᠬᠠᠨ ᠳᠤᠮᠳᠠ ᠪᠠᠶᠢᠨ᠎ᠠ᠃ | ᠬᠤᠯᠤᠰᠤᠳᠤ ᠴᠠᠭᠠᠨ ᠤ ᠤᠳᠤᠷ 呼鲁苏图查干敖特尔 | 1954 ᠤᠨ ᠳᠤ ᠨᠢᠭᠡᠨ ᠬᠤᠯᠤᠰᠤ ᠡᠪᠡᠰᠤ ᠤᠷᠭᠤᠭᠰᠠᠨ ᠴᠠᠭᠠᠨ ᠮᠠᠩᠬᠠᠨ ᠬᠤᠳᠤᠭᠤᠷ ᠲᠤ ᠮᠠᠯ ᠤᠨ | ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠵᠠᠰᠠᠭ ᠤᠨ ᠤᠷᠳᠤᠨ ᠤ | ᠰᠠᠭᠤᠭ᠎ᠠ ᠭᠠᠵᠠᠷ ᠠᠴᠠ ᠪᠠᠷᠠᠭᠤᠨ ᠡᠮᠦᠨ᠎ᠡ 15 ᠺᠢᠯᠤᠮᠧᠲᠷ ᠬᠤᠯᠠ ᠪᠠᠶᠢᠨ᠎ᠠ᠃ | ᠤᠪᠤᠭᠠᠨ ᠲᠠᠯ᠎ᠠ ᠶᠢᠨ ᠤᠳᠤᠷ 敖包塔拉敖特尔 | 1966 ᠤᠨ ᠳᠤ ᠤᠪᠤᠭ᠎ᠠ ᠳᠠᠭᠢᠳᠠᠭ ᠲᠠᠯ᠎ᠠ ᠳᠤᠮᠳᠠ ᠮᠠᠯ ᠤᠨ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ | ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠪᠠᠷᠠᠭᠤᠨ | ᠡᠮᠦᠨ᠎ᠡ13 ᠺᠢᠯᠤᠮᠧᠲᠷ ᠬᠤᠯᠠ ᠮᠠᠩᠬᠠᠨ ᠳᠤᠮᠳᠠ ᠪᠠᠶᠢᠨ᠎ᠠ᠃ | ᠮᠠᠩᠬᠠᠨ ᠲᠠᠯ᠎ᠠ ᠶᠢᠨ ᠤᠳᠤᠷ 茫和塔拉敖特尔 | 1977 ᠤᠨ ᠳᠤ ᠨᠢᠭᠡᠨ ᠠᠭᠤᠳᠠᠮ ᠰᠢᠭ᠋ ᠮᠠᠩᠬᠠᠨ ᠳᠤᠮᠳᠠᠭᠢ ᠲᠠᠯ᠎ᠠ ᠶᠢᠨ ᠳᠤᠮᠳᠠ ᠮᠠᠯ ᠤᠨ ᠤᠳᠤᠷ | ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠵᠠᠰᠠᠭ ᠤᠨ ᠤᠷᠳᠤᠨ ᠤ ᠰᠠᠭᠤᠭ᠎ᠠ | ᠭᠠᠵᠠᠷ ᠠᠴᠠ ᠪᠠᠷᠠᠭᠤᠨ ᠡᠮᠦᠨ᠎ᠡ 13 ᠺᠢᠯᠤᠮᠧᠲᠷ ᠬᠤᠯᠠ ᠪᠠᠶᠢᠨ᠎ᠠ᠃ ᠠᠳᠡᠭᠢ ᠭᠦᠮᠦᠰ ᠡᠨᠡ ᠲᠠᠯ᠎ᠠ ᠶᠢ | ᠲᠦᠭᠦᠮᠴᠢᠯᠡᠵᠤ ᠮᠠᠩ ᠤᠨ ᠲᠠᠯ᠎ᠠ ᠭᠡᠳᠡᠭ᠃ | ᠰᠠᠨᠲᠠᠭ ᠤᠨ ᠠᠶᠢᠯ 散塔嘎艾勒 | ᠤᠨ ᠲᠤᠭᠠᠯᠠᠯ ᠤᠨ1796 —1820 ᠤᠨ ᠤ ᠦᠶ᠎ᠡ ᠪᠠᠷ ᠬᠠᠪᠬᠠᠴᠢᠨ ᠠᠶᠢᠮᠠᠭ ᠤᠨ ᠠᠬᠠᠯᠠᠭᠴᠢ | ᠰᠠᠨᠲᠠᠭ ᠭᠡᠰᠡᠨ ᠡᠪᠦᠭᠡᠨ ᠠᠶᠢᠮᠠᠭ ᠤᠨ ᠭᠦᠮᠦᠰ ᠢᠶᠠᠨ ᠠᠪᠴᠤ ᠡᠳᠦᠭᠡ ᠶᠢᠨ ᠴᠢᠶᠤᠤ ᠲᠸᠦ ᠪᠠᠯᠭᠠᠰᠤ ︵ᠴᠤᠬᠤᠮ | ᠳᠠᠭᠠᠨ ᠤᠭ ᠨᠡᠷ᠎ᠡ ᠨᠢ ᠴᠤᠤᠳᠤ ᠭᠡᠭᠦ ᠭᠠᠵᠠᠷ︶ ᠠᠴᠠ ᠠᠳᠡ ᠨᠡᠭᠦᠵᠤ ᠢᠷᠡᠵᠤ ᠠᠶᠢᠯ ᠪᠠᠶᠢᠭᠤᠯᠵᠠᠢ᠃ ᠡᠨᠡ ᠠᠶᠢᠯ | ᠤᠨ ᠨᠡᠷ᠎ᠡ ᠶᠢ ︽ᠤᠩᠨᠢᠭᠤᠳ ᠬᠤᠰᠢᠭᠤᠨ ᠤ ᠭᠠᠵᠠᠷ ᠤᠨ ᠨᠡᠷᠡᠰ ᠤᠨ ᠲᠡᠮᠳᠡᠭᠯᠡᠯ︾ ᠭᠡᠭᠦ ᠨᠤᠮ ᠳᠡᠭᠡᠷ᠎ᠡ ︽ᠰᠠᠨᠠᠳᠠᠭ︾ | ᠭᠡᠵᠤ ᠪᠤᠷᠤᠭᠤ ᠲᠡᠮᠳᠡᠭᠯᠡᠵᠠᠢ᠃ ᠡᠨᠡ ᠠᠶᠢᠯ ᠨᠢ ᠬᠠᠶᠢᠯᠠᠰᠤ ᠪᠠᠯᠭᠠᠰᠤ ᠶᠢᠨ ᠵᠠᠰᠠᠭ ᠤᠨ ᠤᠷᠳᠤᠨ ᠤ ᠰᠠᠭᠤᠭ᠎ᠠ ᠭᠠᠵᠠᠷ | ᠠᠴᠠ ᠪᠠᠷᠠᠭᠤᠨ ᠡᠮᠦᠨ᠎ᠡ18 ᠺᠢᠯᠤᠮᠧᠲᠷ ᠬᠤᠯᠠ ᠮᠠᠩᠬᠠᠨ ᠳᠤᠮᠳᠠᠭᠢ ᠲᠠᠯ᠎ᠠ ᠳᠤᠮᠳᠠ ᠪᠠᠶᠢᠨ᠎ᠠ᠃ ᠡᠨᠡ ᠠᠶᠢᠯ ᠢ ᠠᠷᠤ | ᠶᠢᠨ ᠠᠶᠢᠯ᠂ ᠳᠤᠮᠳᠠ ᠠᠶᠢᠯ ᠪᠠ ᠡᠮᠦᠨ᠎ᠡ ᠠᠶᠢᠯ ᠭᠡᠵᠤ ᠭᠤᠷᠪᠠ ᠬᠤᠪᠢᠶᠠᠳᠠᠭ᠃ ᠰᠠᠨᠲᠠᠭ ᠭᠠᠴᠠᠭ᠎ᠠ ᠶᠢᠨ ᠵᠦᠪᠯᠡᠯ ᠨᠢ | ᠳᠤᠮᠳᠠ ᠠᠶᠢᠯ ᠳᠤ ᠨᠢ ᠰᠠᠭᠤᠵᠤ ᠪᠠᠶᠢᠨ᠎ᠠ᠃ | ᠰᠠᠨᠲᠠᠭ ᠤᠨ ᠠᠷᠤ ᠶᠢᠨ ᠠᠶᠢᠯ ᠪᠠ ᠬᠠᠳᠠᠳᠤ ᠶᠢᠨ ᠤᠪᠤᠭ᠎ᠠ 散塔嘎阿日艾勒和哈达 | 图敖包 | ᠰᠠᠨᠲᠠᠭ ᠤᠨ ᠠᠷᠤ ᠶᠢᠨ ᠠᠶᠢᠯ ᠨᠢ ᠰᠠᠨᠲᠠᠭ ᠭᠠᠴᠠᠭ᠎ᠠ ᠶᠢᠨ ᠵᠦᠪᠯᠡᠯ ᠤᠨ ᠰᠠᠭᠤᠵᠤ ᠪᠠᠶᠢᠭ᠎ᠠ ᠳᠤᠮᠳᠠ ᠠᠶᠢᠯ | ᠠᠴᠠ ᠪᠠᠷᠠᠭᠤᠨ ᠬᠤᠶᠢᠨ᠎ᠠ1 ᠺᠢᠯᠤᠮᠧᠲᠷ ᠬᠤᠯᠠ ᠮᠠᠩᠬᠠᠨ ᠳᠤᠮᠳᠠ ᠲᠠᠯᠠᠩᠭᠤᠢ ᠳᠤᠳᠤᠷ᠎ᠠ ᠪᠠᠶᠢᠨ᠎ᠠ᠃ ᠡᠨᠡ ᠠᠶᠢᠯ ᠳᠤ | ᠨᠢᠭᠡᠨ ᠬᠠᠳᠠᠳᠤ ᠶᠢᠨ ᠠᠭᠤᠯᠠ ᠭᠡᠰᠡᠨ ᠪᠢᠴᠢᠬᠠᠨ ᠠᠭᠤᠯᠠ ᠪᠠᠶᠢᠳᠠᠭ᠂ ᠡᠨᠡ ᠠᠭᠤᠯᠠᠨ ᠳᠡᠭᠡᠷ᠎ᠡ ︽ᠬᠠᠪᠬᠠᠴᠢᠨ | ᠤᠪᠤᠭᠳᠠᠨ ᠤ ᠤᠪᠤᠭ᠎ᠠ︾ ᠪᠠᠶᠢᠨ᠎ᠠ᠃ ᠡᠨᠡ ᠤᠪᠤᠭ᠎ᠠ ᠶᠢ ᠬᠠᠪᠬᠠᠴᠢᠨ ᠤᠪᠤᠭᠳᠠᠨ ᠤ ᠠᠬᠠᠯᠠᠭᠴᠢ ᠰᠠᠨᠲᠠᠭ ᠡᠪᠦᠭᠡᠨ ᠤ | ᠬᠤᠶᠢᠴᠠᠰ ᠤᠳ ᠳᠠᠭᠢᠵᠤ ᠪᠠᠶᠢᠨ᠎ᠠ᠃ | ᠰᠠᠨᠲᠠᠭ ᠤᠨ ᠬᠤᠸᠠ 散塔嘎花 | ᠰᠠᠨᠲᠠᠭ ᠤᠨ ᠬᠤᠸᠠ ᠨᠢ ᠭᠤᠷᠪᠠᠨ ᠬᠤᠸᠠ ᠠᠭᠤᠯᠠ ᠪᠠᠷ ᠪᠦᠷᠢᠯᠳᠦᠵᠠᠢ᠃ ᠪᠠᠷᠠᠭᠤᠨ ᠬᠤᠸᠠ ᠠᠭᠤᠯᠠ ᠶᠢᠨ | ᠡᠩᠭᠡᠷ ᠳᠡᠭᠡᠷ᠎ᠡ ᠰᠠᠶᠢᠨᠴᠤᠭᠳᠤ ᠵᠡᠷᠭᠡ ᠭᠡᠳᠤᠨ ᠡᠷᠦᠭᠡ ᠰᠠᠭᠤᠵᠤ ᠪᠠᠶᠢᠳᠠᠭ᠃ ᠪᠠᠷᠠᠭᠤᠨ ᠲᠠᠯ᠎ᠠ ᠪᠠᠷ ᠨᠢ ᠤᠤᠯ ᠤᠨ | ᠬᠠᠶᠢᠯᠠᠰᠤ ᠠᠴᠠ ᠠᠰᠢᠬᠠᠨ ᠭᠦᠷᠭᠦ ᠵᠠᠰᠠᠮᠠᠯ ᠵᠠᠮ ᠭᠠᠷᠴᠤ ᠪᠠᠶᠢᠨ᠎ᠠ᠃ ᠠᠳᠡᠭᠢ ᠠᠶᠢᠯ ᠢ ᠡᠮᠦᠨ᠎ᠡ ᠠᠶᠢᠯ ᠭᠡᠳᠡᠭ᠃ |