ᠠᠷᠭᠠᠯ ᠪᠤᠯ ᠦᠬᠡᠷ ᠤᠨ ᠬᠠᠳᠠᠭᠠᠭᠰᠡᠨ ᠪᠠᠭᠠᠰᠤ ᠮᠦᠨ᠃ ᠡᠭᠦᠨ ᠢ ᠮᠠᠯᠵᠢᠬᠤ ᠤᠷᠤᠨ ᠳᠤ ᠭᠤᠥᠯ | ᠲᠦᠯᠡᠰᠢ ᠪᠠᠨ ᠪᠤᠯᠭᠠᠵᠤ᠂ ᠮᠠᠯ ᠤᠨ ᠬᠡᠰᠢᠭ ᠰᠢᠮ᠎ᠡ ᠬᠡᠵᠤ ᠦᠵᠡᠵᠤ ᠬᠠᠪᠤᠷ ᠨᠢ ᠲᠠᠷᠠᠭ᠎ᠠ ᠡᠪᠤᠯ ᠬᠠᠪᠤᠷ ᠤᠨ | ᠲᠦᠯᠡᠰᠢ — ᠠᠷᠭᠠᠯ ᠢᠶᠠᠨ ᠪᠡᠯᠡᠳᠬᠡᠨ ᠬᠠᠰᠢᠶᠠᠯᠠᠵᠤ ᠲᠠᠪᠬᠤᠷᠯᠠᠵᠤ ᠠᠪᠳᠠᠭ᠃ ᠡᠨᠡ ᠨᠢ ᠮᠤᠩᠭᠤᠯᠴᠥᠳ ᠤᠨ | ᠡᠷᠳᠠᠨ ᠠᠴᠠ ᠤᠯᠠᠮᠵᠢᠯᠠᠭᠳᠠᠨ ᠢᠷᠡᠭᠰᠡᠨ ᠦᠨᠳᠦᠰᠦᠳᠠᠨ ᠤ ᠵᠠᠩ ᠦᠢᠯᠡ ᠮᠦᠨ᠃ ᠮᠠᠯᠴᠢᠳ ᠨᠡᠭᠦᠳᠡᠯ ᠠᠮᠢᠳᠤᠷᠠᠯ | ᠳᠠᠭᠠᠨ ᠮᠦᠨ ᠠᠭᠤᠯᠠᠨ ᠮᠤᠳᠤ ᠶᠢ ᠲᠤᠷ᠎ᠠ ᠪᠠᠷ ᠢᠶᠠᠨ ᠤᠭᠳᠤᠯᠵᠤ ᠠᠪᠬᠤ ᠦᠭᠡᠢ ᠬᠠᠷᠢᠨ ᠬᠡᠬᠡᠷ᠎ᠡ ᠶᠢᠨ ᠠᠶᠠᠨᠳᠠᠭᠠᠨ | ᠬᠠᠲᠠᠭᠰᠠᠨ ᠠᠷᠭᠠᠯ ᠢ ᠲᠡᠭᠦᠵᠤ ᠲᠦᠯᠡᠰᠢ ᠪᠤᠯᠭᠠᠳᠠᠭ ᠡᠷᠭᠢᠮ ᠨᠠᠨᠳᠢᠨ ᠰᠤᠷᠳᠠᠯ ᠲᠠᠢ ᠶᠤᠮ᠃ ᠶᠠᠭ ᠡᠶᠢᠮᠦ ᠠᠴᠠ | ᠠᠷᠭᠠᠯ ᠲᠡᠭᠦᠭᠦ ᠪᠣᠯ ᠮᠤᠩᠭᠤᠯ ᠠᠮᠢᠳᠤᠷᠠᠯ ᠤᠨ ᠲᠤᠮᠳᠠ ᠲᠤᠳᠠᠭᠳᠠᠵᠤ ᠪᠤᠯᠤᠰᠢ ᠦᠭᠡᠢ ᠠᠵᠢᠯ ᠪᠤᠯᠵᠤ᠂ ᠮᠤᠩᠭᠤᠯ | ᠵᠠᠩ ᠵᠠᠩᠰᠢᠯ ᠮᠤᠩᠭᠤᠯ ᠰᠤᠶᠤᠯ ᠤᠨ ᠪᠠᠰᠠ ᠨᠢᠭᠡᠨ ᠴᠢᠬᠤᠯᠠ ᠪᠦᠷᠢᠯᠳᠦᠭᠦᠨ ᠬᠡᠰᠡᠭ ᠪᠤᠯᠵᠤ ᠴᠢᠳᠠᠭᠰᠡᠨ ᠪᠠᠶᠢᠨ᠎ᠠ᠃ | ᠨᠢᠭᠡ᠂ ᠠᠷᠤᠭ ᠭᠦᠷᠦᠭᠦ | ᠠᠷᠭᠠᠯ ᠲᠡᠭᠦᠭᠦ ᠳᠡᠭᠡᠨ ᠠᠷᠤᠭ ᠡᠭᠦᠷᠴᠦ ᠰᠠᠪᠠᠷ ᠢᠶᠠᠷ ᠲᠡᠭᠦᠳᠡᠭ᠃ ᠠᠷᠤᠭ ᠢ ᠮᠤᠩᠭᠤᠯᠴᠥᠳ ᠥᠪᠡᠷᠲᠡᠭᠡᠨ | ᠭᠦᠷᠦᠵᠤ ᠪᠦᠳᠦᠭᠡᠳᠡᠭ᠃ ᠡᠭᠦᠨ ᠳᠤ ᠪᠠᠭᠠᠷᠢᠨ ᠪᠠ ᠦᠵᠦᠮᠦᠴᠢᠨ ᠪᠦᠷ ᠠᠳᠠᠯᠢ ᠪᠤᠰᠤ ᠬᠡᠯᠪᠡᠷᠢ ᠲᠦᠷᠰᠦ ᠲᠠᠢ | ᠠᠷᠤᠭ ᠭᠦᠷᠦᠵᠦ ᠬᠡᠷᠡᠭᠯᠡᠳᠡᠭ᠃ ᠪᠠᠭᠠᠷᠢᠨ ᠳᠤ ᠠᠷᠤᠭ ᠭᠦᠷᠦᠭᠦ ᠳᠡᠭᠡᠨ ᠭᠤᠥᠯ ᠬᠡᠷᠡᠭᠯᠡᠭᠦ ᠲᠦᠭᠦᠭᠡᠢ ᠮᠠᠲ᠋ᠧᠷᠢᠶᠠᠯ ᠪᠤᠯ | ᠲᠡᠯᠳᠦᠨ ᠮᠤᠳᠤᠨ ᠤ ᠰᠦᠭᠡᠭ ᠪᠤᠯᠤᠨ᠎ᠠ᠃ ᠪᠠᠰᠠ ᠵᠠᠷᠢᠮ ᠳᠠᠭᠠᠨ ᠪᠤᠷᠭᠠᠰᠤᠨ ᠰᠦᠭᠡᠭ᠂ ᠬᠠᠶᠢᠯᠠᠰᠤᠨ ᠰᠦᠭᠡᠭ ᠪᠤᠶᠤ | ᠴᠠᠶᠢᠷ ᠤᠨ ᠮᠤᠳᠤ ︵ᠨᠠᠷᠢᠨ ᠢ ᠨᠢ ᠰᠤᠩᠭᠤᠵᠤ ᠠᠪᠳᠠᠭ᠃ ᠨᠠᠷᠢᠨ ᠲᠡᠯᠳᠦᠨ ᠮᠤᠳᠤ ᠤᠨᠴᠠ ᠴᠦᠬᠡᠨ ᠲᠤᠯᠠ ᠬᠡᠷᠡᠭᠯᠡᠭᠦ | ᠨᠢ ᠪᠠᠭ᠎ᠠ ᠪᠠᠶᠢᠳᠠᠭ︶ ᠶᠢ ᠬᠡᠷᠡᠭᠯᠡᠵᠦ᠂ ᠲᠠᠯᠳᠦᠨ ᠮᠤᠳᠤᠨ ᠰᠦᠭᠡᠭ ᠨᠢ ᠭᠦᠷᠦᠭᠦ ᠳᠤ ᠠᠮᠠᠷᠬᠠᠨ᠂ ᠭᠠᠷ ᠲᠤ ᠵᠦᠭᠡᠯᠡᠨ | ᠨᠤᠭᠤᠰᠤᠯᠠᠵᠤ ᠦᠨᠴᠦᠭ ᠪᠤᠯᠤᠩ ᠭᠠᠷᠭᠠᠬᠤ᠂ ᠠᠷᠤᠭ ᠤᠨ ᠭᠦᠪᠡᠭᠡ ᠶᠢ ᠭᠦᠷᠦᠬᠦ ᠳᠤ ᠲᠦᠭᠦᠮ ᠮᠦᠷᠳᠡᠭᠡᠨ | ᠭᠦᠷᠦᠭᠰᠡᠨ ᠠᠷᠤᠭ ᠨᠢ ᠪᠤᠷᠭᠠᠰᠤ ᠬᠠᠶᠢᠯᠠᠰᠤᠨ ᠰᠦᠭᠡᠭ ᠢᠶᠠᠷ ᠭᠦᠷᠦᠭᠰᠡᠨ ᠠᠷᠤᠭ ᠠᠴᠠ ᠪᠠᠬᠢᠯᠡᠭ ᠪᠦᠭᠡᠳ ᠦᠵᠡᠭᠦ | ᠳᠤ ᠰᠠᠶᠢᠬᠠᠨ ᠦᠡᠭᠭᠡ ᠨᠢ ᠴᠦ ᠭᠤᠶᠦ ᠪᠠᠶᠢᠳᠠᠭ᠃ ᠲᠡᠯᠳᠦᠨ ᠰᠦᠭᠡᠭ ᠢ ᠤᠯᠠᠩᠭᠢ ᠳᠠᠭᠠᠨ ᠨᠠᠮᠤᠷ ᠡᠪᠡᠰᠤ ᠮᠤᠳᠦ | ᠪᠤᠯᠪᠠᠰᠤᠷᠠᠭᠰᠡᠨ ᠤ ᠰᠡᠭᠦᠯᠡᠷ ᠭᠦᠯᠳᠡᠭᠦᠥ ᠤᠷᠤᠬᠤ ᠠᠴᠠ ᠡᠮᠦᠨ᠎ᠠ ᠬᠤᠶᠢᠨ᠎ᠠ ᠬᠠᠳᠤᠵᠤ ᠠᠪᠤᠭᠠᠳ ᠨᠠᠷᠠᠨ ᠤ ᠡᠪᠡᠷ | ᠭᠠᠵᠠᠷ ᠲᠤ ᠬᠡᠳᠦᠨ ᠡᠳᠦᠷ ᠲᠠᠯᠪᠢᠵᠤ ᠥᠭᠰᠦᠭᠦᠯᠵᠦ ᠪᠠᠶᠢᠭᠠᠳ ᠬᠡᠷᠡᠭᠯᠠᠳᠡᠭ᠃ ᠤᠷᠳᠦ ᠰᠢᠭ ︵ᠠᠳᠠᠭ ᠳᠠᠭᠠᠨ ᠨᠢᠬᠡ | ᠮᠧᠲᠷ ᠤᠷᠳᠤ ᠪᠠᠶᠢᠬᠤ︶ ᠰᠦᠭᠡᠭ ᠢᠶᠠᠷ ᠨᠤᠭᠤᠰᠤ ᠪᠤᠯᠭᠠᠵᠤ᠂ ᠨᠠᠷᠢᠨ ᠪᠤᠶᠤ ᠤᠬᠤᠷ ᠰᠢᠭ ᠰᠦᠭᠡᠭ ᠢᠶᠠᠷ ᠨᠢ | ᠭᠦᠷᠦᠭᠦ ᠮᠠᠲ᠋ᠧᠷᠢᠶᠠᠯ ᠪᠤᠯᠭᠠᠳᠠᠭ ᠶᠤᠮ᠃ ᠠᠷᠤᠭ ᠢ ᠭᠦᠷᠦᠭᠦ ᠳᠤ ᠶᠡᠷᠦ ᠳᠡᠭᠡᠨ ᠢᠷᠤᠭᠠᠷ ᠠᠴᠠ ᠨᠢ ᠡᠭᠢᠯᠡᠳᠡᠭ᠃ | ᠢᠷᠤᠭᠠᠷ ᠢ ᠨᠢ ᠤᠷᠳᠤ ᠲᠦᠷᠪᠡᠯᠵᠢᠨ ᠬᠡᠯᠪᠡᠷᠢᠳᠠᠢ ᠪᠠᠶᠢᠯᠭᠠᠵᠤ᠂ ᠲᠡᠭᠡᠷ᠎ᠡ ᠭᠦᠪᠡᠭᠡ ᠶᠢ ᠨᠢ ᠲᠤᠭᠤᠷᠢᠭ ᠬᠡᠯᠪᠡᠷᠢᠳᠡᠢ | ᠪᠠᠶᠢᠯᠭᠠᠳᠠᠭ᠃ | ᠲᠤᠮᠦ ᠭᠦᠮᠦᠨ ᠤ ᠡᠭᠦᠷᠭᠦ ᠠᠷᠤᠭ ᠤᠨ ᠢᠷᠤᠭᠠᠷ ᠤᠨ ᠤᠷᠳᠤ ᠦᠷᠭᠡᠨ ᠢ 30cm ᠪᠠ 40cm ᠤᠨ | ᠨᠠᠭᠠᠨ᠎ᠠ ᠴᠠᠭᠠᠨ᠎ᠠ ᠪᠠᠶᠢᠯᠭᠠᠵᠤ᠂ ᠬᠡᠥᠬᠡᠳ ᠤᠨ ᠡᠭᠦᠷᠭᠦ ᠠᠷᠤᠭ ᠢ ᠪᠤᠯ ᠲᠡᠭᠦᠨ ᠠᠴᠠ ᠪᠠᠭ᠎ᠠ ᠪᠠᠶᠢᠯᠭᠠᠳᠠᠭ᠃ ᠭᠦᠷᠦᠭᠦ | ᠳᠡᠭᠡᠨ ᠢᠷᠤᠭᠠᠷ ᠠᠴᠠ ᠡᠭᠢᠯᠡᠵᠤ ᠤᠷᠳᠤ ᠰᠢᠭ ᠰᠦᠭᠡᠭ ᠢ ᠬᠡᠷᠡᠭᠯᠡᠵᠦ᠂ ᠲᠦᠷᠪᠡ ᠪᠤᠶᠦ ᠲᠠᠪᠤᠨ ᠮᠦᠷ᠂ ᠮᠦᠷ ᠪᠦᠷᠢ | ᠳᠤᠨᠢ ᠲᠦᠷᠪᠡ ᠠᠴᠠ ᠵᠢᠷᠭᠤᠭᠠᠨ ᠰᠦᠭᠡᠭ ᠢᠶᠠᠷ ᠪᠦᠷᠢᠯᠳᠦᠭᠰᠡᠨ ᠨᠤᠭᠤᠰᠤ ᠲᠣᠬᠢᠷᠠᠭᠤᠯᠵᠤ᠂ ᠨᠤᠭᠤᠰᠤᠨ ᠰᠦᠭᠡᠭ | ᠤᠨ ᠦᠵᠦᠭᠦᠷ ᠢ ᠬᠤᠶᠠᠷ ᠲᠡᠰᠢ ᠬᠠᠨᠳᠤᠭᠤᠯᠤᠨ ᠲᠠᠯᠪᠢᠵᠤ᠂ ᠤᠷᠢᠳᠠᠪᠡᠷ ᠲᠤᠮᠳᠠ ᠨᠢ ᠠᠯᠠᠵᠤ ᠨᠤᠭᠤᠰᠤᠯᠠᠭᠰᠠᠨ | ᠰᠦᠭᠡᠭ ᠢᠶᠠᠷ ᠡᠷᠢᠵᠤ ᠭᠦᠷᠦᠨ ᠲᠤᠭᠳᠠᠭᠠᠵᠤ ᠲᠠᠭᠢᠨ ᠲᠤᠮᠳᠠ ᠠᠴᠠ ᠬᠤᠶᠠᠷ ᠲᠡᠰᠢ ᠲᠡᠭᠰᠢ ᠬᠡᠮ ᠲᠠᠢ ᠭᠦᠷᠦᠨ᠎ᠡ᠃ | ᠭᠡᠭᠦ ᠳᠡᠭᠡᠨ ᠭᠤᠷᠪᠠ ᠭᠤᠷᠪᠠᠨ ᠮᠦᠷ ᠢᠶᠠᠷ ᠭᠦᠷᠦᠪᠡᠯ ᠨᠢᠭᠡ ᠰᠣᠯᠢᠪᠴᠠᠭᠤᠯᠤᠨ᠂ ᠰᠦᠭᠡᠭ ᠤᠨ ᠤᠭ ᠢ ᠬᠠᠮᠤᠭ ᠤᠨ | ᠭᠠᠳᠠᠷ ᠦᠵᠦᠭᠦᠷ ᠤᠨ ᠨᠤᠭᠤᠳᠤ ᠲᠠᠢ ᠵᠡᠷᠭᠡᠴᠡᠭᠦᠯᠭᠦ ᠪᠦᠭᠡᠳ ᠢᠷᠤᠭᠠᠷ ᠢ ᠭᠦᠷᠦᠭᠦ ᠶᠠᠪᠤᠴᠠ ᠳᠤ ᠪᠠᠶᠢᠨ ᠲᠠᠭᠢᠨ | ᠠᠯᠠᠵᠤ ᠨᠤᠭᠤᠰᠤᠯᠠᠭᠰᠠᠨ ᠰᠦᠭᠡᠭ ᠢᠶᠠᠷ ᠬᠤᠶᠠᠷ ᠦᠵᠦᠭᠦᠷ ᠢ ᠨᠢ ᠨᠤᠭᠤᠯᠤᠨ ᠭᠦᠷᠦᠨ᠎ᠡ᠃ ᠬᠤᠶᠠᠷ ᠲᠡᠰᠢ | ᠭᠦᠷᠦᠭᠰᠡᠨ ᠢᠷᠤᠭᠠᠷ ᠤᠨ ᠤᠷᠳᠤ ᠦᠷᠭᠡᠨ ᠨᠢ 40cm ᠤᠷᠴᠢᠮ ᠪᠤᠯᠭᠠᠭᠰᠡᠨ ᠤ ᠲᠠᠷᠠᠭ᠎ᠠ ᠲᠦᠷᠪᠡᠨ ᠲᠡᠰᠢ | ᠢᠯᠡᠭᠦᠥ ᠭᠠᠷᠭᠠᠵᠤ ᠭᠦᠷᠦᠭᠰᠡᠨ ᠰᠦᠭᠡᠭ ᠢᠶᠠᠨ ᠵᠤᠥᠬᠠᠨ ᠭᠠᠯ ᠤᠨ ᠴᠤᠭ ᠪᠤᠶᠦ ᠢᠯᠡ ᠭᠠᠯ ᠤᠨ ᠴᠤᠭ ᠲᠡᠭᠡᠷ᠎ᠡ | ᠬᠠᠯᠠᠭᠠᠵᠤ ︵ᠬᠤᠭᠤᠷᠠᠬᠤ ᠠᠴᠠ ᠰᠡᠷᠭᠡᠶᠢᠯᠡᠭᠦ ᠶᠢᠨ ᠲᠦᠯᠦᠭᠡ︶᠂ ᠲᠦᠷᠪᠡᠨ ᠲᠠᠯ᠎ᠠ ᠶᠢ ᠨᠢ ᠨᠤᠭᠤᠯᠤᠨ ᠦᠵᠦᠭᠦᠷ | ᠲᠤᠨᠢ ᠤᠶᠠᠭᠠᠳ᠂ ᠵᠠᠯᠭᠠᠭᠠᠳ ᠢᠷᠤᠭᠠᠷ ᠠᠴᠠ ᠡᠭᠢᠯᠡᠵᠤ ᠲᠠᠭᠡᠭᠰᠢ ᠠᠯᠠᠭ᠎ᠠ ᠲᠠᠷᠤᠮ᠎ᠠ ᠬᠠᠭᠠᠰ ᠪᠤᠶᠤ ᠬᠤᠶᠠᠷ ᠠᠯᠭ᠎ᠠ | ᠲᠠᠷᠤᠮ᠎ᠠ ᠭᠦᠷᠦᠨ᠎ᠠ᠃ ᠤᠷᠳᠤ ᠰᠢᠭ ᠰᠦᠭᠡᠭ ᠴᠦᠭᠡᠨ ᠪᠤᠯ ᠪᠢᠳᠡᠭᠦᠥ ᠭᠦᠷᠦᠭᠦ ᠠᠴᠠ ᠪᠢᠰᠢ ᠡᠩ ᠤᠨ ᠪᠠᠶᠢᠳᠠᠯ ᠳᠤ | ᠪᠢᠳᠡᠭᠦᠥ ᠬᠦᠷᠦᠬᠦ ᠦᠭᠡᠢ᠃ ᠢᠡᠭᠭᠢᠵᠦ ᠭᠦᠷᠦᠪᠡᠯ ᠬᠡᠳᠦᠶᠢᠪᠡᠷ ᠤᠨᠴᠠ ᠪᠠᠬᠢᠯᠡᠭ ᠪᠤᠯᠪᠠᠴᠦ ᠡᠭᠦᠷᠭᠦ ᠳᠤ ᠭᠦᠨᠳᠦ᠂ | ᠮᠠᠲ᠋ᠧᠷᠢᠶᠠᠯ ᠳᠤ ᠠᠷᠪᠢ ᠦᠭᠡᠢ ᠮᠦᠷᠳᠡᠭᠡᠨ ᠦᠵᠡᠭᠦ ᠳᠤ ᠤᠷᠠᠯᠢᠭ ᠬᠠᠷᠠᠭᠳᠠᠬᠤ ᠦᠭᠡᠢ ᠶᠤᠮ᠃ ᠦᠵᠡᠭᠦ ᠳᠤ | ᠰᠠᠶᠢᠬᠠᠨ ᠪᠠᠰᠠ ᠭᠦᠡᠭᠭᠡᠨ ᠪᠠᠶᠢᠯᠭᠠᠬᠤ ᠶᠢᠨ ᠲᠦᠯᠦᠭᠡ ᠭᠦᠷᠦᠭᠡᠴᠢᠨ ᠲᠤᠮᠳᠠᠭᠢ ᠬᠡᠰᠡᠭ ᠢ ᠨᠢ ᠷᠤᠮᠪ ᠬᠡᠯᠪᠡᠷᠢᠲᠡᠢ | ᠴᠤᠩᠬᠤ ᠭᠠᠷᠭᠠᠵᠤ ᠭᠦᠷᠦᠭᠦ ᠶᠢᠨ ᠲᠠᠭᠤ ᠨᠤᠭᠤᠰᠤ ᠶᠢᠨ ᠤᠶᠠᠳᠠᠯ ᠢ ᠠᠯᠳᠠᠷᠠᠭᠠᠵᠤ᠂ ᠴᠤᠩᠬᠤᠨ ᠤ ᠲᠡᠭᠡᠷ᠎ᠡ ᠲᠠᠯ᠎ᠠ | ᠳᠤ ᠮᠦᠨ ᠬᠡᠳᠦᠨ ᠠᠯᠠᠭ᠎ᠠ ᠲᠠᠷᠤᠮ᠎ᠠ ᠭᠦᠷᠦᠭᠡᠳ ᠭᠢᠪᠡᠭᠡ ᠲᠠᠷᠤᠵᠤ ᠲᠡᠭᠦᠰᠭᠡᠳᠡᠭ᠃ ᠬᠡᠷᠪᠡ ᠢᠷᠤᠭᠠᠷ ᠢ ᠭᠠᠷᠭᠠᠬᠤ | ᠳᠤ ᠬᠡᠷᠡᠭᠯᠡᠭᠰᠡᠨ ᠨᠤᠭᠤᠰᠦ ᠶᠢᠨ ᠤᠷᠳᠤ ᠨᠢ ᠭᠦᠷᠭᠦ ᠦᠭᠡᠢ ᠪᠤᠯ ᠴᠤᠩᠬᠤᠨ ᠤ ᠲᠡᠭᠡᠷ᠎ᠡ ᠬᠡᠰᠡᠭ ᠭᠦᠷᠦᠭᠦ ᠦᠶᠡᠰ | ᠤᠬᠤᠷ ᠰᠢᠭ ᠰᠦᠭᠡᠭ ᠢ ᠵᠠᠯᠭᠠᠳᠠᠭ᠃ ᠲᠡᠭᠡᠷ᠎ᠡ ᠭᠦᠪᠡᠭᠡ ᠶᠢ ᠲᠠᠷᠤᠬᠤ ᠳᠠᠭᠠᠨ ᠨᠤᠭᠤᠰᠤ ᠶᠢᠨ ᠢᠯᠡᠭᠦᠥ ᠭᠠᠷᠤᠭᠰᠡᠨ | ᠦᠵᠦᠭᠦᠷ ᠢᠶᠠᠷ ᠲᠡᠬᠡᠰᠦ ᠲᠠᠨᠠᠬᠤ ᠰᠢᠭ ᠮᠤᠰᠭᠢᠵᠤ ᠭᠦᠷᠦᠵᠦ ᠭᠠᠷᠭᠠᠳᠠᠭ᠃ ᠢᠡᠭᠭᠢᠵᠤ ᠭᠦᠪᠡᠭᠡ ᠲᠠᠷᠤᠬᠤ ᠦᠭᠡᠢ | ᠪᠤᠯ ᠭᠦᠪᠡᠭᠡ ᠠᠴᠠ ᠡᠭᠢᠯᠡᠨ ᠮᠤᠯᠳᠤᠷᠡᠨ ᠡᠪᠳᠡᠷᠡᠳᠡᠭ᠃ ᠭᠦᠷᠦᠭᠦ ᠶᠠᠪᠤᠴᠠ ᠳᠤ ᠠᠷᠤᠭ ᠡᠭᠦᠷᠭᠦ ᠬᠡᠰᠡᠭ ᠢ ᠰᠠᠶᠢᠳᠤᠷ | ᠵᠠᠰᠠᠵᠤ ᠴᠢᠳᠠᠬᠤ ᠶᠢᠨ ᠭᠢᠷᠢ ᠲᠤᠳᠤᠷ᠎ᠠ ᠲᠡᠭᠰᠢᠭᠡᠨ ᠪᠠᠶᠢᠯᠭᠠᠬᠤ ᠶᠢ ᠠᠩᠬᠠᠷᠳᠠᠭ᠃ ᠡᠨᠡ ᠨᠢ ᠠᠷᠤᠭ ᠤᠨ ᠡᠭᠦᠷᠭᠦ ᠳᠤ | ᠬᠠᠪᠤᠲᠠᠢ ᠲᠦᠭᠦᠮ ᠪᠤᠯᠭᠠᠬᠤ ᠶᠢᠨ ᠲᠦᠯᠦᠭᠡ ᠶᠤᠮ᠃ ᠭᠠᠷ ᠤᠷᠠᠨ ᠭᠦᠷᠦᠭᠡᠴᠢᠨ ᠤ ᠭᠦᠷᠦᠭᠰᠡᠨ ᠠᠷᠤᠭ ᠨᠢ | ᠦᠨᠳᠦᠷ ᠪᠤᠭᠤᠨᠢ ᠪᠦᠳᠦᠭᠦᠨ ᠨᠠᠷᠢᠨ ᠨᠢ ᠲᠤᠭᠢᠷᠠᠮᠵᠢᠳᠠᠢ ᠪᠦᠭᠡᠳ ᠨᠢᠭᠡᠨ ᠭᠠᠷ ᠤᠷᠠᠯᠠᠯ ᠤᠨ ᠵᠢᠩᠭᠢᠨᠢ | ᠪᠥᠲᠦᠭᠡᠭᠳᠡᠭᠦᠨ ᠪᠤᠯᠳᠠᠭ᠃ ᠠᠷᠤᠭ ᠭᠦᠷᠦᠭᠦ ᠨᠢ ᠨᠢᠭᠡᠨ ᠤᠷᠠᠯᠢᠭ ᠤᠨ ᠠᠵᠢᠯ ᠲᠤᠯᠠ ᠭᠠᠷ ᠤᠷᠠᠨ ᠮᠠᠯᠴᠢᠳ ᠰᠠᠶ᠋ᠢ | ᠭᠦᠷᠦᠵᠦ ᠴᠢᠳᠠᠳᠠᠭ᠃ ᠡᠶᠢᠮᠦ ᠠᠴᠠ ᠨᠢᠭᠡ ᠠᠶᠢᠯ ᠠᠶᠢᠮᠠᠭ ᠲᠤ ᠲᠡᠮᠡᠢ ᠬᠡᠳᠦᠨ ᠠᠷᠤᠭ ᠭᠦᠷᠦᠳᠡᠭ ᠭᠦᠷᠦᠭᠡᠴᠢᠨ | ᠦᠭᠡᠢ ᠪᠠᠶᠢᠳᠠᠭ᠃ ᠲᠡᠯᠳᠦᠨ ᠰᠦᠭᠡᠭ ᠢᠶᠠᠷ ᠭᠦᠷᠦᠭᠰᠡᠨ ᠠᠷᠤᠭ ᠨᠢ ᠪᠤᠷᠤᠭ᠎ᠠ ᠤᠰᠤᠨ ᠳᠤ ᠢᠯᠵᠢᠷᠡᠨ ᠳᠡᠪᠲᠦᠬᠦ | ᠠᠴᠠ ᠠᠶᠤᠬᠤ ᠦᠭᠡᠢ ᠪᠠᠬᠢᠯᠡᠭ ᠪᠠᠶᠢᠳᠠᠭ᠃ ᠮᠠᠯᠴᠢᠳ ᠠᠷᠤᠭ ᠭᠦᠷᠦᠭᠦ ᠳᠡᠭᠡᠨ ᠲᠡᠯᠳᠦᠨ ᠮᠤᠳᠦᠨ ᠤ ᠰᠦᠭᠡᠭ | ᠪᠤᠯᠭᠠᠨ ᠢ ᠬᠡᠷᠡᠭᠯᠡᠭᠦ ᠪᠢᠰᠢ᠂ ᠬᠠᠷᠢᠨ ᠰᠤᠩᠭᠤᠯᠳᠠ ᠲᠠᠢ ᠬᠡᠷᠡᠭᠯᠡᠳᠡᠭ᠃ ᠦᠶ᠎ᠡ ᠭᠡᠰᠢᠭᠦᠦ ᠪᠠᠭ᠎ᠠ ᠠᠰᠬᠠᠨ᠂ ᠪᠦᠳᠦᠭᠦᠨ | ᠨᠠᠷᠢᠨ ᠨᠢ ᠲᠡᠩᠴᠡᠭᠦᠦ᠂ ᠣᠷᠳᠣ ᠤᠬᠤᠷ ᠨᠢ ᠲᠤᠭᠢᠷᠠᠮᠵᠢᠳᠠᠢ ᠶᠢ ᠨᠢ ᠰᠤᠩᠭᠤᠵᠤ ᠠᠪᠳᠠᠭ᠃ ᠰᠤᠩᠭᠤᠵᠤ ᠬᠡᠷᠡᠭᠯᠡᠭᠰᠡᠨ | ᠲᠡᠯᠳᠦᠨ ᠮᠤᠳᠤᠨ ᠰᠦᠭᠡᠭ ᠢᠶᠠᠷ ᠭᠦᠷᠦᠭᠰᠡᠨ ᠠᠷᠤᠭ ᠨᠢ ᠦᠵᠡᠭᠦ ᠳᠤ ᠤᠨᠴᠠᠭᠠᠶᠢᠯᠠᠨ ᠲᠤᠮᠳᠠᠭᠢ ᠷᠤᠮᠪ ᠬᠡᠯᠪᠡᠷᠢᠳᠦ | ᠴᠤᠩᠬᠤ ᠨᠢ ᠵᠢᠭᠳᠡ᠂ ᠶᠡᠭᠡ ᠪᠠᠭ᠎ᠠ ᠨᠢ ᠲᠡᠩᠴᠡᠭᠦᠨ ᠭᠠᠷᠴᠤ᠂ ᠭᠦᠮᠦᠰ ᠲᠤ ᠭᠠᠷ ᠤᠷᠠᠯᠠᠯ ᠤᠨ ᠭᠤᠧᠠ ᠰᠠᠶᠢᠬᠠᠨ ᠤ | ᠰᠡᠷᠡᠭᠳᠡᠯ ᠢ ᠦᠭᠴᠦ ᠴᠢᠳᠠᠳᠠᠭ᠃ |