ᠤᠯᠠᠭᠠᠨ ᠲᠤᠯᠤᠭᠠᠢ ᠶᠢᠨ ᠤᠳᠤᠷ乌兰陶勒盖敖特尔 | 1961 ᠤᠨ ᠳᠤ ᠤᠯᠠᠭᠠᠨ ᠲᠤᠯᠤᠭᠠᠢ ᠠᠭᠤᠯᠠᠨ ᠤ ᠡᠩᠭᠡᠷ ᠲᠤ ᠮᠠᠯ ᠤᠨ ᠤᠳᠤᠷ ᠪᠠᠶᠢᠭᠤᠯᠵᠤ ᠡᠶᠢᠮᠦ | ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ | ᠠᠴᠠ ᠡᠮᠦᠨ᠎ᠡ 19 ᠺᠢᠯᠤᠮᠧᠲᠷ ᠬᠤᠯᠠ ᠪᠠᠶᠢᠨ᠎ᠠ᠃ | ᠭᠤᠮᠪᠤᠰᠧᠷᠡᠩ ᠤᠨ ᠬᠤᠨᠢᠨ ᠤᠳᠤᠷ关布斯楞羊场 | 1960 ᠤᠨ ᠳᠤ ᠬᠤᠨᠢᠨ ᠤᠳᠤᠷ ᠪᠠᠶᠢᠭᠤᠯᠵᠤ᠂ ᠮᠠᠯᠴᠢᠨ ᠭᠤᠮᠪᠤᠰᠧᠷᠡᠩ ᠤᠨ ᠨᠡᠷ᠎ᠡ ᠪᠠᠷ ᠤᠳᠤᠷ ᠢᠶᠠᠨ | ᠨᠡᠷᠡᠯᠡᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ | ᠠᠴᠠ ᠪᠠᠷᠠᠭᠤᠨ ᠡᠮᠦᠨ᠎ᠡ 24 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃ | ᠱᠠᠩᠳᠠ尚达井 | ᠱᠠᠩᠳᠠ ᠶᠢᠨ ᠬᠤᠳᠳᠤᠭ ᠪᠠᠶᠢᠭᠰᠠᠨ ᠭᠠᠵᠠᠷ᠂ ᠡᠨᠡ ᠬᠤᠳᠳᠤᠭ ᠤᠨ ᠤᠷᠢᠲᠠᠢ ᠨᠢ ᠨᠢᠭᠡᠨ ᠪᠢᠴᠢᠬᠠᠨ ᠨᠠᠭᠤᠷ | ᠪᠠᠶᠢᠳᠠᠭ᠂ ᠭᠦᠮᠦᠰ ᠡᠨᠡ ᠨᠠᠭᠤᠷ ᠢ ︽ᠦᠮᠡᠭᠡᠢ ᠨᠠᠭᠤᠷ︾ ᠭᠡᠳᠡᠭ᠃1945 ᠤᠨ ᠤ ᠦᠶ᠎ᠡ ᠪᠠᠷ ᠤᠷᠤᠰ ᠤᠨ ᠴᠡᠷᠢᠭ | ᠢᠷᠡᠭᠡᠳ ᠠᠳᠡᠭᠢ ᠮᠠᠯ ᠢ ᠠᠷᠪᠢᠨ ᠫᠤᠤᠳᠠᠵᠤ ᠠᠯᠠᠭᠠᠳ ᠡᠨᠡ ᠨᠠᠭᠤᠷ ᠳᠤᠳᠤᠷ᠎ᠠ ᠬᠠᠶᠠᠵᠤ ᠭᠡᠨ᠎ᠡ᠃ ᠢᠩᠭᠢᠭᠡᠳ ᠡᠨᠡ | ᠨᠠᠭᠤᠷ ᠦᠮᠡᠭᠡᠶᠢᠷᠡᠵᠤ᠂ ᠦᠮᠡᠭᠡᠢ ᠨᠠᠭᠤᠷ ᠪᠤᠯᠪᠠ᠃ ᠭᠠᠵᠠᠷ ᠤᠨ ᠵᠢᠷᠤᠭ ᠳᠡᠭᠡᠷ᠎ᠡ ᠡᠨᠡ ᠨᠠᠭᠤᠷ ᠢ ᠭᠢᠲᠠᠳ ᠢᠶᠠᠷ | ︽ᠴᠢᠦ ᠫᠤᠤᠽᠢ ︵臭泡子︶︾ᠭᠡᠵᠤ ᠲᠡᠮᠳᠡᠭᠯᠡᠵᠤ ᠪᠠᠶᠢᠳᠠᠭ᠂ ᠡᠨᠡ ᠭᠠᠵᠠᠷ ᠨᠢ ᠭᠤᠮᠪᠤᠰᠧᠷᠡᠩ ᠤᠨ ᠬᠤᠨᠢᠨ | ᠤᠳᠤᠷ ᠤᠨ ᠪᠠᠷᠠᠭᠤᠨ ᠡᠮᠦᠨ᠎ᠡ ᠮᠠᠩᠬᠠᠨ ᠬᠦᠨᠳᠡᠢ ᠳᠤᠳᠤᠷ᠎ᠠ ᠪᠠᠶᠢᠨ᠎ᠠ᠃ | ᠬᠠᠭᠠᠷᠬᠠᠢ ᠴᠢᠯᠠᠭᠤᠨ ᠤᠩᠭᠤᠴᠠ半拉糟子 | ᠰᠢᠷ᠎ᠠ ᠭᠢᠲᠠᠳ ᠠᠶᠢᠮᠠᠭ ᠤᠨ ᠠᠯᠠᠭᠠᠳᠤ ᠪᠠᠶᠠᠨ ᠤ ᠭᠡᠷᠡᠭᠯᠡᠵᠤ ᠪᠠᠶᠢᠭᠰᠠᠨ ᠴᠢᠯᠠᠭᠤᠨ ᠤᠩᠭᠤᠴᠠᠨ ᠤ | ᠬᠠᠭᠠᠷᠬᠠᠢ ᠶᠢᠨ ᠪᠠᠶᠢᠬᠤ ᠭᠠᠵᠠᠷ᠂ ᠡᠨᠡ ᠭᠠᠵᠠᠷ ᠨᠢ ᠰᠢᠷ᠎ᠠ ᠲᠠᠯ᠎ᠠ ᠶᠢᠨ ᠪᠠᠷᠠᠭᠤᠨ ᠲᠠᠢ᠂ ᠭᠤᠮᠪᠤᠰᠧᠷᠡᠩ ᠤᠨ ᠬᠤᠨᠢᠨ | ᠤᠳᠤᠷ ᠤᠨ ᠪᠠᠷᠠᠭᠤᠨ ᠬᠤᠶᠢᠨ᠎ᠠ᠂ ᠥᠯᠵᠡᠢ ᠪᠤᠷᠭᠢᠯ ᠤᠨ ᠵᠡᠭᠦᠨ ᠡᠮᠦᠨ᠎ᠡ ᠪᠠᠶᠢᠨ᠎ᠠ᠃ | ᠬᠠᠯᠵᠢᠨ ᠠᠭᠤᠯᠠ ᠪᠤᠬᠠᠨ ᠲᠠᠯᠠᠪᠠᠢ海金山种牛场 | 1951 ᠤᠨ ᠳᠤ᠂ ᠤᠯᠤᠰ ᠠᠴᠠ ᠤᠩᠨᠢᠭᠤᠳ ᠬᠠᠯᠵᠠᠨ ᠠᠭᠤᠯᠠᠨ ᠤ ᠡᠩᠭᠡᠷ ᠲᠤ ᠰᠠᠶᠢᠨ ᠡᠭᠦᠯᠳᠡᠷ ᠤᠨ | ᠦᠷᠡᠰ ᠪᠤᠬᠠᠨ ᠲᠠᠯᠠᠪᠠᠢ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠪᠤᠬᠠᠨ ᠲᠠᠯᠠᠪᠠᠢ ᠨᠢ ᠬᠠᠶᠢᠯᠠᠰᠤ ᠪᠠᠯᠭᠠᠰᠤ ᠶᠢᠨ | ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠪᠠᠷᠠᠭᠤᠨ ᠲᠠᠢ 8 ᠺᠢᠯᠤᠮᠧᠲᠷ ᠬᠤᠯᠠ ᠪᠠᠶᠢᠨ᠎ᠠ᠃ | ᠱᠢ ᠪᠸᠢ ᠸᠠ ᠰᠠᠯᠪᠤᠷᠢ ᠲᠠᠯᠠᠪᠠᠢ 西北洼分场 | 1956 ᠤᠨ ᠳᠤ ᠬᠠᠯᠵᠠᠨ ᠠᠭᠤᠯᠠ ᠪᠤᠬᠠᠨ ᠲᠠᠯᠠᠪᠠᠢ ᠶᠢᠨ ᠪᠠᠷᠠᠭᠤᠨ ᠬᠤᠶᠢᠨ᠎ᠠ᠂ ᠪᠠᠶᠠᠨᠴᠠᠭᠠᠨ ᠠᠭᠤᠯᠠᠨ ᠤ | ᠡᠩᠭᠡᠷ ᠤᠨ ᠬᠤᠳᠤᠭᠤᠷ ᠲᠠᠯᠠᠩᠭᠤᠢ ᠳᠤ ᠬᠤᠪᠢᠶᠠᠷᠢ ᠲᠠᠯᠠᠪᠠᠢ ᠪᠠᠶᠢᠭᠤᠯᠵᠤ ᠡᠶᠢᠮᠦ ᠨᠡᠷ᠎ᠡ ᠶᠢ ᠦᠭᠪᠡ᠃ ᠡᠨᠡ | ᠬᠤᠪᠢᠶᠠᠷᠢ ᠲᠠᠯᠠᠪᠠᠢ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ | ᠪᠠᠷᠠᠭᠤᠨᠲᠠᠢ11 ᠺᠢᠯᠤᠮᠧᠲᠷ ᠬᠤᠯᠠ ᠪᠠᠶᠢᠨ᠎ᠠ᠃ | ᠳ᠋ᠦᠩ ᠱᠧᠩ ᠰᠠᠯᠪᠤᠷᠢ ᠲᠠᠯᠠᠪᠠᠢ东升分 | 1952 ᠤᠨ ᠳᠤ ︽ᠲᠠᠪᠢᠨ ᠭᠡᠷ︾ ᠭᠡᠰᠡᠨ ᠤᠯᠠᠭ᠎ᠠ ᠦᠷᠳᠡᠭᠡ ᠪᠠᠶᠢᠵᠤ ᠦᠩᠭᠡᠷᠡᠭᠰᠡᠨ ᠭᠠᠵᠠᠷ ᠲᠤ ᠬᠠᠯᠵᠠᠨ | ᠠᠭᠤᠯᠠ ᠪᠤᠬᠠᠨ ᠲᠠᠯᠠᠪᠠᠢ ᠶᠢᠨ ᠬᠤᠪᠢᠶᠠᠷᠢ ᠲᠠᠯᠠᠪᠠᠢ ᠶᠢ ᠪᠠᠶᠢᠭᠤᠯᠵᠤ ︽ᠳ᠋ᠦᠩ ᠹᠧᠨ ᠴᠠᠩ ᠢ ᠳ᠋ᠦᠢ︾ ︵ᠵᠡᠭᠦᠨ | ᠬᠤᠪᠢᠶᠠᠷᠢ ᠨᠢᠭᠡᠳᠦᠭᠡᠷ ᠪᠠᠷᠢᠭᠠᠲᠠ︶ ᠭᠡᠵᠤ ᠳᠠᠭᠤᠳᠠᠵᠤ ᠪᠠᠶᠢᠪᠠ᠃1966 ᠤᠨ ᠳᠤ ︽ᠳ᠋ᠦᠩ ᠱᠧᠩ ᠰᠠᠯᠪᠤᠷᠢ | ᠲᠠᠯᠠᠪᠠᠢ︾ ᠭᠡᠵᠤ ᠨᠡᠷ᠎ᠡ ᠪᠠᠨ ᠬᠠᠯᠠᠪᠠ᠂ ᠡᠨᠡ ᠬᠤᠪᠢᠶᠠᠷᠢ ᠲᠠᠯᠠᠪᠠᠢ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ | ᠤᠨ ᠤᠷᠳᠤᠨ ᠤ ᠰᠠᠭᠤᠭ᠎ᠠ ᠭᠠᠵᠠᠷ ᠠᠴᠠ ᠵᠡᠭᠦᠨᠰᠢ 11.5 ᠺᠢᠯᠤᠮᠧᠲᠷ ᠬᠤᠯᠠ ᠲᠠᠯ᠎ᠠ ᠳᠡᠭᠡᠷ᠎ᠡ ᠪᠠᠶᠢᠨ᠎ᠠ᠃ | ᠤᠳᠠᠨᠲᠠᠯ᠎ᠠ ᠰᠠᠯᠪᠤᠷᠢ ᠲᠠᠯᠠᠪᠠᠢ 乌敦塔拉分场 | ᠤᠨ ᠲᠤᠭᠠᠯᠠᠯ ᠤᠨ1821—1850 ᠤᠨ ᠤ ᠦᠶ᠎ᠡ ᠪᠠᠷ ᠴᠦᠨᠳᠦᠪ ︵ᠱᠤᠷᠤᠩ︶ ᠤᠨ ᠭᠤᠤᠯ ᠪᠤᠯᠤᠨ | ᠰᠢᠷᠠᠮᠦ᠋ᠷᠡᠨ ᠭᠤᠤᠯ ᠤᠨ ᠠᠭᠤᠯᠵᠠᠭᠤᠷ ᠤᠨ ᠡᠮᠦᠨᠡᠭᠢ ᠤᠳᠠᠨ ᠮᠤᠳᠤ ᠲᠠᠢ ᠲᠠᠯ᠎ᠠ ᠳᠡᠭᠡᠷ᠎ᠡ ᠠᠶᠢᠯ ᠰᠠᠭᠤᠵᠤ᠂ | ᠤᠳᠠᠨᠲᠠᠯ᠎ᠠ ᠶᠢᠨ ᠠᠶᠢᠯ ᠭᠡᠪᠡ᠃ ᠡᠨᠡ ᠠᠶᠢᠯ ᠪᠤᠯ ᠦᠪᠦᠷ ᠮᠤᠩᠭᠤᠯ ᠤᠨ ᠠᠯᠳᠠᠷᠳᠤ ᠬᠤᠭᠤᠷᠴᠢᠨ ᠦᠰᠭᠦᠪᠤᠶᠠᠨ ᠤ | ᠲᠦᠷᠦᠭᠰᠡᠨ ᠨᠤᠳᠤᠭ ᠪᠤᠯᠤᠨ᠎ᠠ᠃1952 ᠤᠨ ᠠᠴᠠ ᠰᠡᠭᠦᠯᠡᠷ ᠬᠠᠯᠵᠠᠨ ᠠᠭᠤᠯᠠ ᠪᠤᠬᠠᠨ ᠲᠠᠯᠠᠪᠠᠢ ᠶᠢᠨ ᠰᠠᠯᠠᠪᠤᠷᠢ | ᠲᠠᠯᠠᠪᠠᠢ ᠪᠤᠯᠪᠠ᠃ ᠡᠨᠡ ᠰᠠᠯᠪᠤᠷᠢ ᠲᠠᠯᠠᠪᠠᠢ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ | ᠰᠠᠭᠤᠭ᠎ᠠ ᠭᠠᠵᠠᠷ ᠠᠴᠠ ᠪᠠᠷᠠᠭᠤᠨᠲᠠᠢ 15.5 ᠺᠢᠯᠤᠮᠧᠲᠷ ᠬᠤᠯᠠ ᠪᠠᠶᠢᠨ᠎ᠠ᠃ ᠡᠨᠡ ᠲᠠᠯᠠᠪᠠᠢ ᠨᠢ ᠲᠡᠤᠭᠡᠨ ᠳᠡᠭᠡᠷ᠎ᠡ | ︽ᠢᠯᠠᠯᠲᠠ ᠬᠤᠪᠢᠶᠠᠷᠢ ᠲᠠᠯᠠᠪᠠᠢ︾ ︵胜利分场︶ ᠭᠡᠰᠡᠨ ᠨᠡᠷ᠎ᠡ ᠶᠢ ᠬᠡᠷᠡᠭᠯᠡᠵᠦ ᠦᠩᠭᠡᠷᠡᠪᠡ᠃ | ᠾᠦᠩ ᠴᠢ ᠰᠠᠯᠪᠤᠷᠢ ᠲᠠᠯᠠᠪᠠᠢ 红旗分场 | 1952 ᠤᠨ ᠳᠤ ᠬᠠᠯᠵᠠᠨ ᠠᠭᠤᠯᠠ ᠪᠤᠬᠠᠨ ᠲᠠᠯᠠᠪᠠᠢ ᠠᠴᠠ ᠳ᠋ᠦ᠋ᠩ ᠱᠧᠩ ᠰᠠᠯᠪᠤᠷᠢ ᠲᠠᠯᠠᠪᠠᠢ ᠶᠢᠨ | ᠪᠠᠷᠠᠭᠤᠨ ᠲᠠᠯ᠎ᠠ ᠳᠤ ︽ᠬᠤᠶᠠᠳᠤᠭᠠᠷ ᠪᠠᠷᠢᠭᠠᠲᠠ︾ ᠭᠡᠵᠤ ᠪᠠᠶᠢᠭᠤᠯᠤᠭᠠᠳ᠂1966 ᠤᠨ ᠳᠤ ︽ᠾᠦᠩ ᠴᠢ | ᠰᠠᠯᠪᠤᠷᠢ ᠲᠠᠯᠠᠪᠠᠢ︾ ᠭᠡᠵᠤ ᠨᠡᠷ᠎ᠡ ᠶᠢ ᠨᠢ ᠬᠠᠯᠠᠪᠠ᠃ ᠡᠨᠡ ᠰᠠᠯᠪᠤᠷᠢ ᠲᠠᠯᠠᠪᠠᠢ ᠨᠢ ᠬᠠᠶᠢᠯᠠᠰᠤ ᠪᠠᠯᠭᠠᠰᠤ ᠶᠢᠨ ᠠᠷᠠᠳ | ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠵᠡᠭᠦᠨᠲᠠᠢ10 ᠺᠢᠯᠤᠮᠧᠲᠷ ᠬᠤᠯᠠ ᠲᠠᠯ᠎ᠠ ᠳᠡᠭᠡᠷ᠎ᠡ ᠪᠠᠶᠢᠨ᠎ᠠ᠃ | ᠡᠨᠡ ᠭᠠᠵᠠᠷ ᠢ ᠮᠤᠩᠭᠤᠯ ᠢᠶᠠᠷ ︽ᠬᠠᠷ᠎ᠠ ᠡᠷᠭᠢ ᠶᠢᠨ ᠲᠠᠯ᠎ᠠ︾ ᠭᠡᠳᠡᠭ᠃ | ᠴᠢᠶᠠᠨ ᠶᠢᠨ ᠰᠠᠯᠪᠤᠷᠢ ᠲᠠᠯᠠᠪᠠᠢ 前进分场 | 1952 ᠤᠨ ᠳᠤ ᠬᠠᠯᠵᠠᠨ ᠠᠭᠤᠯᠠ ᠪᠤᠬᠠᠨ ᠲᠠᠯᠠᠪᠠᠢ ᠠᠴᠠ ᠠᠳᠡ ᠰᠠᠯᠪᠤᠷᠢ ᠲᠠᠯᠠᠪᠠᠢ ᠪᠠᠶᠢᠭᠤᠯᠵᠤ | ︽ᠭᠤᠷᠪᠠᠳᠤᠭᠠᠷ ᠪᠠᠷᠢᠭᠠᠲᠠ︾ ᠭᠡᠵᠤ ᠳᠠᠭᠤᠳᠠᠵᠤ ᠪᠠᠶᠢᠭᠰᠠᠨ ᠢᠶᠠᠨ1966 ᠤᠨ ᠳᠤ ︽ᠴᠢᠶᠠᠨ ᠶᠢᠨ ᠰᠠᠯᠪᠤᠷᠢ | ᠲᠠᠯᠠᠪᠠᠢ︾ ᠭᠡᠵᠤ ᠨᠡᠷ᠎ᠡ ᠶᠢ ᠨᠢ ᠬᠠᠯᠠᠪᠠ᠃ ᠡᠨᠡ ᠰᠠᠯᠪᠤᠷᠢ ᠲᠠᠯᠠᠪᠠᠢ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ | ᠤᠨ ᠤᠷᠳᠤᠨ ᠤ ᠰᠠᠭᠤᠭ᠎ᠠ ᠭᠠᠵᠠᠷ ᠠᠴᠠ ᠵᠡᠭᠦᠨᠲᠠᠢ8 ᠺᠢᠯᠤᠮᠧᠲᠷ ᠬᠤᠯᠠ ᠲᠠᠯ᠎ᠠ ᠳᠡᠭᠡᠷ᠎ᠡ ᠪᠠᠶᠢᠨ᠎ᠠ᠃ | ᠶᠦᠸᠠᠢ ᠶᠢᠨ ᠳ᠋ᠦᠢ 跃进队 | 1952 ᠤᠨ ᠳᠤ ᠬᠠᠯᠵᠠᠨ ᠠᠭᠤᠯᠠ ᠪᠤᠬᠠᠨ ᠲᠠᠯᠠᠪᠠᠢ ᠨᠢ ᠰᠢᠷᠠᠮᠦ᠋ᠷᠡᠨ ᠭᠤᠤᠯ ᠤᠨ ᠠᠷᠤ ᠳᠡᠭᠡᠷ᠎ᠡ | ᠰᠠᠯᠪᠤᠷᠢ ᠲᠠᠯᠠᠪᠠᠢ ᠪᠠᠶᠢᠭᠤᠯᠵᠤ ᠨᠡᠷ᠎ᠡ ᠶᠢ ᠨᠢ ︽ᠳ᠋ᠠ ᠾᠧ ᠪᠸᠢ︾ ︵大河北︶ ᠭᠡᠵᠤ ᠦᠭᠴᠤ᠂1966 ᠤᠨ | ᠳᠤ ︽ᠶᠦᠸᠠᠢ ᠶᠢᠨ ᠳ᠋ᠦᠢ︾ ᠭᠡᠵᠤ ᠬᠠᠯᠠᠪᠠ᠃ ᠡᠨᠡ ᠭᠠᠵᠠᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ | ᠤᠷᠳᠤᠨ ᠤ ᠰᠠᠭᠤᠭ᠎ᠠ ᠭᠠᠵᠠᠷ ᠠᠴᠠ ᠪᠠᠷᠠᠭᠤᠨᠰᠢ 12 ᠺᠢᠯᠤᠮᠧᠲᠷ ᠬᠤᠯᠠ ᠪᠠᠶᠢᠨ᠎ᠠ᠃ |