ᠬᠠᠶᠢᠯᠠᠰᠤ ᠪᠠᠯᠭᠠᠰᠤ ᠶᠢᠨ ᠭᠠᠵᠠᠷ ᠤᠰᠤᠨ ᠤ ᠮᠤᠩᠭᠤᠯ ᠨᠡᠷᠡᠰ ᠤᠳ ︵ᠵᠢᠷᠭᠤᠭ᠎ᠠ︶
ᠨᠡᠶᠢᠲᠡᠯᠡᠭᠰᠡᠨ ᠴᠠᠭ᠄
2023/11/6
     ᠴᠠᠭᠠᠨ ᠰᠦᠮ᠎ᠡ 查干苏莫      ᠴᠠᠭᠠᠨ ᠰᠦᠮ᠎ᠡ ᠶᠢ ᠪᠠᠰᠠ ᠰᠦᠮ᠎ᠡ ᠶᠢᠨ ᠬᠤᠰᠢᠭᠤ᠂ ᠰᠠᠴᠢ ᠶᠢᠨ ᠬᠤᠰᠢᠭᠤ ᠭᠡᠳᠡᠭ᠃ ᠡᠨᠡ ᠴᠠᠭᠠᠨ ᠰᠦᠮ᠎ᠡ  ᠶᠢ ᠵᠠᠷᠠᠭ᠎ᠠ ᠶᠢᠨ ᠠᠭᠤᠯᠠᠨ ᠤ ᠴᠠᠭᠠᠨ ᠰᠦᠮ᠎ᠡ ᠲᠠᠢ ᠨᠢᠭᠡᠯᠡ ᠵᠢᠯ ᠳᠤ ᠪᠠᠶᠢᠭᠤᠯᠵᠠᠢ᠃ ᠦᠨᠦ ᠨᠢᠭᠡᠨᠳᠡ ᠡᠪᠳᠡᠭᠳᠡᠪᠡ᠃ ᠠᠳᠡ ᠤᠷᠭᠤᠵᠤ ᠪᠠᠶᠢᠭᠰᠠᠨ ᠬᠤᠶᠠᠷ ᠪᠦᠳᠦᠭᠦᠨ ᠬᠠᠶᠢᠯᠠᠰᠤᠨ ᠮᠤᠳᠤ ᠶᠢ ᠤᠨᠠᠭᠠᠭᠰᠠᠨ ᠳᠤ ᠳᠤᠳᠤᠷ᠎ᠠ ᠠᠴᠠ ᠨᠢ ᠴᠢᠰᠤ ᠭᠠᠷᠤᠯ᠎ᠠ ᠭᠡᠳᠡᠭ᠃      ᠰᠢᠷ᠎ᠠ ᠲᠠᠯ᠎ᠠ 沙日塔拉      ᠰᠠᠨᠲᠠᠭ ᠤᠨ ᠠᠶᠢᠯ ᠤᠨ ᠪᠠᠷᠠᠭᠤᠨ ᠬᠤᠶᠢᠨ᠎ᠠ᠂ ᠴᠦᠨᠳᠦᠪ ︵ᠱᠤᠷᠤᠩ︶ ᠤᠨ ᠭᠤᠤᠯ ᠤᠨ ᠡᠮᠦᠨ᠎ᠡ ᠭᠦᠪᠡᠭᠡᠨ  ᠳᠤ ᠨᠢᠭᠡ ᠰᠢᠷ᠎ᠠ ᠴᠡᠴᠡᠭ ᠳᠡᠯᠭᠡᠷᠡᠵᠤ᠂ ᠴᠠᠭᠠᠨ ᠮᠦᠭᠦ ᠤᠷᠭᠤᠳᠠᠭ ᠠᠭᠤᠳᠠᠮ ᠲᠠᠯ᠎ᠠ ᠪᠠᠶᠢᠳᠠᠭ᠂ ᠡᠨᠡ ᠲᠠᠯ᠎ᠠ ᠶᠢ ᠰᠢᠷ᠎ᠠ ᠲᠠᠯ᠎ᠠ ᠭᠡᠳᠡᠭ᠃ ᠲᠡᠤᠭᠡᠨ ᠳᠡᠭᠡᠷ᠎ᠡ ᠪᠠᠰᠠ ᠠᠯᠲᠠᠨ ᠫᠢᠯᠠ ᠭᠡᠵᠤ ᠨᠡᠷᠡᠯᠡᠵᠤ ᠦᠩᠭᠡᠷᠡᠪᠡ᠃ ᠲᠡᠭᠦᠨ ᠤ ᠪᠠᠷᠠᠭᠤᠨ ᠬᠤᠶᠢᠳᠤ ᠭᠦᠪᠡᠭᠡ ᠳᠤᠨᠢ ᠶᠡᠭᠡ ᠬᠠᠶᠢᠯᠠᠰᠤᠨ ᠮᠤᠳᠤ ᠲᠠᠢ ᠦᠨᠳᠦᠷᠯᠢᠭ ᠰᠢᠭ ᠭᠠᠵᠠᠷ ᠪᠠᠶᠢᠭᠰᠠᠨ ᠢ ︽ᠪᠠᠶᠠᠨ ᠦᠨᠳᠦᠷ︾ ᠭᠡᠵᠤ᠂ ᠲᠡᠨᠳᠡ ᠤᠩᠨᠢᠭᠤᠳ ᠵᠡᠭᠦᠨ ᠭᠠᠷᠤᠨ ᠬᠤᠰᠢᠭᠤᠨ ᠤ ᠵᠠᠰᠠᠭ ᠤᠨ ᠤᠷᠳᠤᠨ ᠤ ᠤᠪᠤᠭ᠎ᠠ ᠶᠢ ᠵᠢᠯ ᠪᠤᠯᠭᠠᠨ ᠤ ᠪᠢᠯᠢᠭ ᠤᠨ ᠤᠯᠠᠷᠢᠯ ᠤᠨ 5 ᠰᠠᠷ᠎ᠠ ᠶᠢᠨ 21 ᠤ ᠡᠳᠦᠷ ᠳᠠᠭᠢᠳᠠᠭ ᠪᠠᠶᠢᠵᠠᠢ᠃ ᠰᠢᠷ᠎ᠠ ᠲᠠᠯ᠎ᠠ ᠠᠴᠠ ᠰᠦᠨᠢ ᠪᠤᠯᠪᠠᠯ ᠠᠯᠪᠢᠨ ᠭᠠᠯ ᠪᠠ ᠹᠤᠰᠹᠤᠷ ᠤᠨ ᠭᠡᠷᠡᠯ ᠭᠠᠷᠳᠠᠭ ᠪᠠᠶᠢᠵᠠᠢ᠃ ᠡᠨᠡ ᠲᠠᠯ᠎ᠠ ᠨᠢ ᠬᠠᠶᠢᠯᠠᠰᠤ ᠪᠠᠯᠭᠠᠰᠤ  ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠪᠠᠷᠠᠭᠤᠨ ᠡᠮᠦᠨ᠎ᠡ 22 ᠺᠢᠯᠤᠮᠧᠲᠷ ᠬᠤᠯᠠ ᠪᠠᠶᠢᠨ᠎ᠠ᠃      ᠰᠢᠷᠠᠲᠠᠯ᠎ᠠ ᠮᠠᠯᠵᠢᠯ ᠤᠨ ᠲᠠᠯᠠᠪᠠᠢ沙日塔拉牧场      1952 ᠤᠨ ᠳᠤ ᠰᠢᠷ᠎ᠠ ᠲᠠᠯ᠎ᠠ ᠶᠢᠨ ᠡᠮᠦᠨ᠎ᠡ ᠭᠦᠪᠡᠭᠡ ᠳᠡᠭᠡᠷ᠎ᠡ ᠤᠩᠨᠢᠭᠤᠳ ᠬᠤᠰᠢᠭᠤᠨ ᠤ ᠢᠳᠡᠭᠡᠨ ᠤᠮᠳᠠᠭᠠᠨ ᠤ ᠺᠤᠮᠫᠠᠨᠢ ᠠᠴᠠ ᠬᠠᠷᠢᠶ᠎ᠠ ᠮᠠᠯᠵᠢᠯ ᠤᠨ ᠲᠠᠯᠠᠪᠠᠢ ᠪᠠᠶᠢᠭᠤᠯᠪᠠ᠂ ᠡᠨᠡ ᠲᠠᠯᠠᠪᠠᠢ ᠨᠢ ᠬᠠᠶᠢᠯᠠᠰᠤ ᠪᠠᠯᠭᠠᠰᠤ  ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠪᠠᠷᠠᠭᠤᠨ ᠡᠮᠦᠨ᠎ᠡ 22 ᠺᠢᠯᠤᠮᠧᠲᠷ ᠬᠤᠯᠠ ᠪᠠᠶᠢᠨ᠎ᠠ᠃      ᠰᠢᠷ᠎ᠠ ᠲᠠᠯ᠎ᠠ ᠶᠢᠨ ᠮᠠᠩᠬ᠎ᠠ 沙日塔拉沙漠      ᠰᠢᠷ᠎ᠠ ᠲᠠᠯ᠎ᠠ ᠶᠢᠨ ᠡᠮᠦᠨ᠎ᠡ ᠪᠡᠶ᠎ᠡ ᠪᠠᠷ ᠦᠨᠳᠦᠷ ᠲᠤᠮᠤ ᠡᠯᠡᠰᠤ ᠮᠠᠩᠬ᠎ᠠ ᠪᠠᠶᠢᠳᠠᠭ᠂ ᠡᠨᠡ ᠮᠠᠩᠬ᠎ᠠ ᠶᠢ ᠰᠢᠷ᠎ᠠ ᠲᠠᠯ᠎ᠠ ᠶᠢᠨ ᠮᠠᠩᠬ᠎ᠠ ᠭᠡᠨ᠎ᠡ᠃ ᠴᠢᠯᠦᠭᠡᠯᠡᠭᠦ ᠲᠠᠶᠢᠨ ᠤ ᠦᠶ᠎ᠡ ᠳᠤ ᠡᠨᠡ ᠮᠠᠩᠬᠠᠨ ᠳᠤ ᠺᠦᠩ ᠹᠸᠢ ᠰᠧᠯᠢᠩ ᠤᠨ ᠤᠳᠤᠷᠢᠳᠤᠭᠰᠠᠨ ᠵᠤᠰᠤᠳᠤ ᠶᠢᠨ ᠴᠤᠪᠤᠭ᠎ᠠ ᠠᠩᠭᠢ ᠶᠢᠨ ᠴᠡᠷᠢᠭ ᠨᠢ ᠬᠠᠨ ᠰᠠᠩᠵᠠᠢ ᠶᠢᠨ ᠳᠡᠭᠡᠷᠡᠮ ᠲᠠᠢ ᠰᠢᠷᠦᠭᠦᠨ ᠲᠤᠯᠤᠯᠳᠤᠭᠠᠨ ᠭᠢᠵᠤ ᠦᠩᠭᠡᠷᠡᠵᠠᠢ᠃      ᠤᠯᠠᠭᠠᠨ ᠵᠢᠶᠠᠰᠠ ᠶᠢᠨ ᠤᠳᠤᠷ 乌兰架子敖特尔      1960 ᠤᠨ ᠳᠤ ᠨᠢᠰᠭᠡᠯ ᠤᠨ ᠵᠠᠮ ᠢ ᠵᠢᠭᠠᠭᠰᠠᠨ ᠤᠯᠠᠭᠠᠨ ᠵᠢᠶᠠᠰᠠ ᠲᠠᠢ ᠤᠷᠤᠢ ᠶᠢᠨ ᠳᠡᠷᠭᠡᠳᠡ ᠮᠠᠯ ᠤᠨ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠪᠠᠷᠠᠭᠤᠨ ᠡᠮᠦᠨ᠎ᠡ 16.5 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠰᠠᠨᠲᠠᠭ ᠤᠨ ᠤᠳᠤᠷ 散塔嘎敖特尔      1960 ᠤᠨ ᠳᠤ ᠰᠠᠨᠲᠠᠭ ᠭᠠᠴᠠᠭ᠎ᠠ ᠨᠢ ᠠᠳᠡ ᠮᠠᠯ ᠤᠨ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ  ᠪᠠᠷᠠᠭᠤᠨ ᠡᠮᠦᠨ᠎ᠡ 23 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠠᠴᠠᠨ ᠰᠠᠯᠠᠭ᠎ᠠ ᠶᠢᠨ ᠤᠳᠤᠷ阿沁萨拉敖特尔      1954 ᠤᠨ ᠳᠤ ᠠᠴᠠ ᠭᠡᠯᠪᠡᠷᠢᠲᠠᠢ ᠰᠠᠯᠠᠭ᠎ᠠ ᠵᠠᠮ ᠤᠨ ᠳᠡᠷᠭᠡᠳᠡ ᠮᠠᠯ ᠤᠨ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ  ᠠᠴᠠ ᠪᠠᠷᠠᠭᠤᠨ ᠡᠮᠦᠨ᠎ᠡ 23 ᠺᠢᠯᠤᠮᠧᠲᠷ ᠬᠤᠯᠠ ᠠᠭᠤᠯᠠᠨ ᠬᠤᠷᠮᠤᠢ ᠳᠤ ᠪᠠᠶᠢᠨ᠎ᠠ᠃      ᠪᠤᠯᠵᠤᠭ᠎ᠠ ᠠᠭᠤᠯᠠ ᠶᠢᠨ ᠤᠳᠤᠷ 包力昭敖特尔      1954 ᠤᠨ ᠳᠤ ᠪᠤᠯᠵᠤᠭ᠎ᠠ ᠠᠭᠤᠯᠠᠨ ᠤ ᠤᠶᠢᠷᠠᠯᠴᠠᠭ᠎ᠠ ᠮᠠᠯ ᠤᠨ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ  ᠠᠴᠠ ᠪᠠᠷᠠᠭᠤᠨ ᠡᠮᠦᠨ᠎ᠡ 25 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠭᠠᠯᠠᠭᠤᠳᠤ ᠶᠢᠨ ᠤᠳᠤᠷ 嘎鲁吐敖特尔      1954 ᠤᠨ ᠳᠤ ᠭᠠᠯᠠᠭᠤ ᠰᠠᠭᠤᠳᠠᠭ ᠵᠢᠵᠢᠭ ᠨᠠᠭᠤᠷ ᠤᠨ ᠤᠷᠴᠢᠮ ᠮᠠᠯ ᠤᠨ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ  ᠠᠴᠠ ᠪᠠᠷᠠᠭᠤᠨ ᠡᠮᠦᠨ᠎ᠡ 25 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠯᠤᠤᠪᠠᠩᠳᠤ ᠶᠢᠨ ᠤᠳᠤᠷ 劳崩图敖特尔      1954 ᠤᠨ ᠳᠤ ᠯᠤᠤᠪᠠᠩ ᠲᠠᠷᠢᠵᠤ ᠦᠩᠭᠡᠷᠡᠭᠰᠡᠨ ᠭᠠᠵᠠᠷ ᠳᠡᠭᠡᠷ᠎ᠡ ᠮᠠᠯ ᠤᠨ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ  ᠠᠴᠠ ᠪᠠᠷᠠᠭᠤᠨ ᠡᠮᠦᠨ᠎ᠡ 25 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠬᠤᠸᠠ ᠶᠢᠨ ᠤᠩᠭᠤᠨ ᠤ ᠤᠳᠤᠷ 花音翁根敖特尔      1960 ᠤᠨ ᠳᠤ ᠨᠢᠭᠡᠨ ᠭᠡᠭᠦᠷ ᠤᠩᠭᠤᠨ ᠲᠠᠯᠪᠢᠳᠠᠭ ᠬᠤᠸᠠ ᠠᠭᠤᠯᠠ ᠶᠢᠨ ᠳᠡᠷᠭᠡᠳᠡ ᠮᠠᠯ ᠤᠨ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ  ᠤ ᠰᠠᠭᠤᠭ᠎ᠠ ᠭᠠᠵᠠᠷ ᠠᠴᠠ ᠡᠮᠦᠨᠡᠰᠢ 16 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号