ᠦᠯᠦᠭᠡᠢ ᠶᠢ ᠦᠷᠡᠯ᠂ ᠬᠠᠶᠢᠯᠠᠰᠤ᠂ ᠮᠤᠶᠢᠯ᠂ ᠤᠳᠠ ᠶᠢᠨ ᠮᠤᠳᠤ ᠪᠠᠷ ᠬᠢᠳᠡᠭ᠃ ᠦᠯᠦᠭᠡᠢ ᠨᠢ ᠲᠦᠷᠪᠡᠨ ᠠᠷᠠᠯ | ᠲᠠᠢ᠂ ᠮᠠᠳᠠᠮᠠᠯ᠂ ᠪᠠᠩᠵᠠ ᠵᠡᠷᠭᠡ ᠭᠤᠷᠪᠠᠨ ᠵᠤᠶᠢᠯ ᠪᠤᠢ᠃ ᠲᠦᠷᠪᠡᠨ ᠠᠷᠠᠯ ᠲᠠᠢ ᠦᠯᠦᠭᠡᠢ ᠨᠢ ᠢᠯᠠᠤ ᠲᠠᠢ ᠪᠦᠭᠡᠳ | ᠲᠠᠯ᠎ᠠ ᠰᠠᠷ᠎ᠠ ᠶᠢᠨ ᠬᠡᠯᠪᠡᠷᠢ ᠶᠢᠨ ᠪᠠᠩᠵᠠ ᠶᠢ ᠲᠤᠯᠤᠭᠠᠢ᠂ ᠬᠦᠯ ᠤᠨ ᠦᠵᠦᠭᠦᠷ ᠲᠤᠨᠢ ᠲᠤᠬᠢᠶᠠᠨ ᠬᠦᠳᠡᠯᠭᠡᠬᠦ ᠳᠤ | ᠲᠦᠭᠦᠮ ᠪᠤᠯᠭᠠᠳᠠᠭ᠃ ᠲᠠᠩ ᠠᠷᠠᠯ ᠤᠨ ᠢᠶᠠᠨ ᠲᠤᠤᠷ᠎ᠠ ᠲᠡᠯᠳᠤ᠂ ᠴᠠᠷᠠᠰᠤ ᠵᠡᠷᠭᠡ ᠪᠠᠷ ᠮᠠᠳᠠᠮᠠᠯ ᠬᠦᠯ ᠲᠤᠬᠢᠶᠠᠵᠤ | ᠬᠢᠭᠰᠡᠨ ᠢ ᠮᠠᠳᠠᠮᠠᠯ ᠦᠯᠦᠭᠡᠢ ᠭᠡᠳᠡᠭ᠃ ᠵᠤᠵᠠᠭᠠᠨ ᠪᠠᠩᠵᠠ ᠶᠢ ᠲᠠᠯ᠎ᠠ ᠰᠠᠷ᠎ᠠ ᠬᠡᠯᠪᠡᠷᠢ ᠶᠢᠨ ᠤᠷᠤᠮ ᠢᠶᠠᠷ ᠤᠬᠤᠵᠤ | ᠠᠪᠤᠭᠠᠳ ᠴᠠᠪᠠᠤ ᠪᠠᠷ ᠬᠠᠳᠠᠵᠤ ᠲᠠᠯᠪᠢᠭᠰᠠᠨ ᠬᠡᠦᠬᠡᠳ ᠢᠶᠠᠨ ᠬᠡᠪᠳᠡᠭᠦᠯᠬᠦ ᠪᠠᠩᠵᠠ ᠶᠢ ᠮᠤᠳᠤᠨ ᠦᠯᠦᠭᠡᠢ ᠭᠡᠳᠡᠭ᠃ | ᠦᠯᠦᠭᠡᠢ ᠳᠤ ᠬᠠᠷᠠᠭ᠎ᠠ ᠭᠡᠵᠤ ᠪᠤᠢ᠃ ᠲᠠᠷᠤᠢ ᠦᠯᠦᠭᠡᠢ ᠶᠢᠨ ᠲᠤᠯᠤᠭᠠᠢ ᠳᠤ ᠮᠠᠳᠠᠭᠰᠠᠨ ᠮᠤᠳᠤ ᠶᠢ ᠬᠡᠯᠡᠨ᠎ᠡ᠃ ᠡᠭᠦᠨ | ᠢ ᠤᠯᠠᠭᠠᠨ ᠪᠦᠰ ᠢᠶᠠᠷ ᠪᠤᠭᠤᠵᠤ ᠤᠶᠤᠭᠠᠳ ᠲᠤᠤᠷ᠎ᠠ ᠦᠵᠦᠭᠦᠷ ᠢ ᠨᠢ ᠲᠡᠷᠡ ᠲᠤᠤᠷ᠎ᠠ ᠲᠠᠷᠤᠵᠤ ᠲᠠᠯᠪᠢᠨ᠎ᠠ᠃ | ᠬᠠᠷᠠᠭ᠎ᠠ ᠠᠴᠠ ᠤᠶᠠᠵᠤ᠂ ᠨᠦᠭᠦᠭᠡ ᠦᠵᠦᠭᠦᠷ ᠢ ᠨᠢ ᠬᠡᠦᠬᠡᠳ ᠤᠨ ᠬᠦᠯ ᠤᠨ ᠦᠵᠦᠭᠦᠷ ᠤᠨ ᠢᠯᠠᠤ ᠠᠴᠠ ᠤᠶᠠᠬᠤ | ᠰᠤᠷ ᠢ ᠲᠠᠳᠠᠭᠠᠷᠢ ᠭᠡᠨ᠎ᠡ᠃ ᠲᠠᠳᠠᠭᠠᠷᠢ ᠶᠢ ᠭᠤᠷᠪᠠ ᠰᠠᠯᠠᠭᠠᠯᠠᠨ ᠲᠤᠯᠤᠭ᠎ᠠ ᠵᠠᠩᠭᠢᠳᠤᠨ᠎ᠠ᠃ ᠬᠠᠷᠠᠭ᠎ᠠ ᠳᠤ ᠭᠠᠤᠯᠢᠨ | ᠵᠤᠭᠤᠰ ᠢ ᠬᠡᠯᠬᠢᠨ ᠡᠯᠭᠦᠨ᠎ᠡ᠃ ᠪᠦᠰᠡᠯᠡᠭᠦᠷ ᠢ ᠨᠢ ᠰᠤᠷ ᠪᠤᠶᠤ ᠬᠠᠳᠬᠤᠮᠠᠯ ᠨᠠᠭᠠᠮᠠᠯ ᠬᠤᠸᠠᠷ ᠲᠠᠢ ᠬᠢᠳᠡᠭ᠃ ᠪᠠᠰᠠ | ᠪᠤᠷᠤᠭᠤ ᠲᠠᠯ᠎ᠠ ᠳᠤᠨᠢ ᠭᠠᠷᠠᠬ᠎ᠠ ᠲᠠᠢ ᠰᠤᠷ ᠤᠶᠠᠵᠤ᠂ ᠪᠦᠰᠡᠯᠡᠭᠦᠷ ᠢᠶᠠᠨ ᠰᠦᠪᠡᠯᠡᠨ ᠲᠠᠳᠠᠬᠤ ᠴᠦ ᠪᠤᠢ᠃ ᠦᠯᠦᠭᠡᠢ | ᠶᠢᠨ ᠲᠤᠤᠷ᠎ᠠ ᠨᠢᠮᠬᠡᠨ ᠪᠠᠩᠵᠠ ᠲᠠᠯᠪᠢᠵᠤ᠂ ᠲᠡᠭᠡᠷ᠎ᠡ ᠨᠢ ᠰᠠᠭᠠᠭ ᠤᠨ ᠯᠠᠢ ᠲᠠᠢ ᠵᠤᠵᠠᠭᠠᠨ ᠲᠡᠪᠢᠰᠭᠡᠷ ︵ᠪᠠᠰᠠ ᠬᠠᠩ | ᠭᠡᠳᠡᠭ︶᠂ ᠲᠡᠭᠦᠨ ᠤ ᠲᠡᠭᠡᠷ᠎ᠡ ᠬᠦᠪᠦᠩ ᠬᠤᠴᠢᠯᠭ᠎ᠠ᠂ ᠲᠤᠳᠤᠷ᠎ᠠ ᠨᠢ ᠲᠠᠩ ᠬᠤᠴᠢᠯᠭ᠎ᠠ ᠲᠠᠯᠪᠢᠨ᠎ᠠ᠃ ᠲᠡᠷᠡ ᠳᠤᠨᠢ | ᠬᠠᠷ᠎ᠠ ᠮᠤᠩᠭᠤᠯ ᠪᠤᠶᠤ ᠰᠢᠯᠦᠬᠡᠢ ᠬᠢᠨ᠎ᠡ᠃ | ᠬᠡᠦᠬᠡᠳ ᠤᠨ ᠬᠦᠯ ᠤᠨ ᠦᠵᠦᠭᠦᠷ ᠲᠤᠨᠢ ᠬᠤᠷᠠᠭ᠎ᠠ ᠢᠰᠢᠭᠡ ᠶᠢᠨ ᠠᠷᠠᠰᠤ ᠳᠠᠪᠬᠤᠷᠯᠠᠵᠤ ᠲᠠᠭᠠᠷᠠᠵᠤ | ᠵᠢᠩᠭᠢᠨᠡᠬᠦ ᠶᠢ ᠬᠢᠴᠢᠶᠡᠨ᠎ᠡ᠃ ᠴᠢᠭᠢᠭ ᠢ ᠨᠢ ᠭᠠᠷᠭᠠᠭᠰᠠᠨ ᠴᠠᠭᠠᠨ ᠰᠢᠷᠤᠢ ᠳᠤ ᠦᠯᠦᠭᠡᠶᠢᠳᠡᠨᠡ᠃ ᠦᠯᠦᠭᠡᠢ ᠶᠢᠨ ᠠᠷᠠᠯ | ᠳᠡᠭᠡᠷ᠎ᠡ ︽+︾ ᠪᠤᠶᠤ ︽︾ ᠲᠡᠮᠳᠡᠭ ᠲᠠᠯᠪᠢᠳᠠᠭ᠃ | ᠦᠯᠦᠭᠡᠢ ᠶᠢ ᠭᠡᠷ ᠠᠴᠠ ᠠᠪᠴᠤ ᠭᠠᠷᠬᠤ ᠪᠤᠶᠤ ᠠᠪᠴᠤ ᠤᠷᠤᠬᠤ ᠳᠤ ᠲᠤᠯᠤᠭᠠᠢ ᠶᠢᠨ ᠲᠠᠯ᠎ᠠ ᠪᠠᠷ ᠨᠢ | ᠤᠷᠤᠭᠤᠯᠵᠤ᠂ ᠬᠤᠭᠤᠰᠤᠨ ᠲᠠᠯᠪᠢᠬᠤ ᠶᠢ ᠬᠢᠴᠢᠶᠡᠨ ᠬᠤᠪᠴᠠᠰᠤ ᠪᠤᠶᠤ ᠲᠡᠷᠡ ᠶᠢ ᠨᠢ ᠲᠠᠳᠠᠨ ᠲᠠᠯᠪᠢᠨ᠎ᠠ᠃ ᠦᠯᠦᠭᠡᠢ | ᠶᠢ ᠨᠠᠭᠠᠰᠢ ᠴᠠᠭᠠᠰᠢ ᠬᠦᠳᠡᠯᠭᠡᠬᠦ ᠶᠢ ᠠᠷᠭᠠᠳᠠᠬᠤ ᠭᠡᠳᠡᠭ᠃ ᠬᠤᠭᠤᠰᠤᠨ ᠦᠯᠦᠭᠡᠢ ᠶᠢ ᠠᠷᠭᠠᠳᠠᠬᠤ ᠶᠢ ᠴᠡᠭᠡᠷᠯᠡᠨ᠎ᠡ᠃ | ᠦᠯᠦᠭᠡᠢ ᠶᠢ ᠰᠦᠨᠢ ᠤᠷᠤᠢ ᠭᠠᠳᠠᠨ᠎ᠠ ᠬᠤᠨᠤᠭᠤᠯᠬᠤ ᠪᠤᠶᠤ ᠲᠡᠭᠡᠭᠦᠷ ᠨᠢ ᠡᠨᠡ ᠲᠡᠷᠡ ᠶᠠᠭᠤᠮ᠎ᠠ ᠠᠪᠴᠤ ᠭᠠᠷᠬᠤ ᠶᠢ | ᠡᠷᠡᠰ ᠬᠢᠴᠢᠶᠡᠨ᠎ᠡ᠃ ᠬᠡᠦᠬᠡᠳ ᠤᠢ ᠪᠤᠶᠤ ᠬᠤᠶᠠᠷ ᠤᠢ ᠪᠤᠯᠤᠭᠠᠳ ᠦᠯᠦᠭᠡᠢ ᠠᠴᠠ ᠪᠠᠨ ᠭᠠᠷᠪᠠᠯ ᠦᠯᠦᠭᠡᠢ ᠶᠢ ᠨᠢ | ᠲᠡᠭᠡᠷ᠎ᠡ ᠬᠤᠷᠢᠶᠠᠵᠤ ᠬᠠᠮᠢᠶ᠎ᠠ ᠨᠠᠮᠢᠶ᠎ᠠ ᠦᠭᠡᠢ ᠬᠦᠮᠦᠨ ᠳᠤ ᠵᠢᠭᠡᠯᠡᠭᠦᠯᠬᠦ ᠦᠭᠡᠢ᠃ ᠬᠡᠦᠬᠡᠳ ᠤᠨ ᠲᠡᠷᠡ ᠳᠠᠬᠢ | ᠪᠤᠳᠠᠭ᠎ᠠ ᠶᠢ ᠲᠤᠰᠬᠠᠢ ᠲᠠᠷᠢᠶ᠎ᠠ ᠪᠠᠷ ᠲᠠᠷᠢᠨ᠎ᠠ᠃ | ᠬᠡᠦᠬᠡᠳ ᠤᠨ ᠲᠤᠤᠷ᠎ᠠ ᠲᠡᠪᠢᠰᠦᠭᠰᠡᠨ ᠰᠠᠭᠠᠭ ᠤᠨ ᠯᠠᠢ ᠲᠠᠢ ᠲᠡᠪᠢᠰᠭᠡᠷ ᠢ ᠵᠤᠨ ᠤ ᠴᠠᠭ ᠲᠤ ᠪᠠᠶᠢᠨ ᠪᠠᠶᠢᠨ | ᠨᠠᠷᠠᠨ ᠳᠤ ᠡᠭᠡᠵᠤ ᠬᠠᠳᠠᠭᠠᠨ᠎ᠠ᠃ ᠡᠨᠡ ᠨᠢ ᠬᠡᠦᠬᠡᠳ ᠤᠨ ᠴᠢᠭᠢᠭᠳᠡᠬᠦ ᠶᠢ ᠰᠡᠷᠭᠡᠶᠢᠯᠡᠵᠤ ᠪᠠᠶᠢᠳᠠᠭ᠃ | ᠦᠯᠦᠭᠡᠢ ᠶᠢ ᠲᠤᠬᠢᠳᠠᠢ ᠬᠢᠭᠰᠡᠨ ᠪᠤᠯ ᠠᠷᠭᠠᠳᠠᠬᠤ ᠳᠤ ᠬᠦᠩᠭᠡᠨ ᠪᠠᠶᠢᠵᠤ᠂ ᠲᠤᠬᠢᠮᠵᠢ ᠪᠠᠷ ᠠᠨᠠᠢ ᠪᠤᠯ | ᠠᠷᠭᠠᠳᠠᠬᠤ ᠳᠤ ᠬᠦᠨᠳᠤ ᠪᠠᠶᠢᠵᠤ᠂ ᠬᠡᠦᠬᠡᠳ ᠲᠤ ᠲᠠᠭᠠᠯᠠᠮᠵᠢ ᠦᠭᠡᠢ ᠪᠤᠯᠳᠠᠭ᠃ ᠮᠤᠩᠭᠤᠯ ᠬᠡᠦᠬᠡᠳ ᠢ ᠦᠯᠦᠭᠡᠢ ᠳᠤ | ᠠᠷᠭᠠᠳᠠᠨ ᠦᠰᠭᠡᠭᠰᠡᠨ ᠢᠶᠠᠷ ᠴᠢᠰᠤᠨ ᠲᠠᠷᠤᠯᠳᠠ ᠵᠢᠭᠳᠡ᠂ ᠰᠢᠷᠦᠭᠦᠨ ᠬᠦᠳᠡᠯᠭᠡᠭᠡᠨ ᠲᠠᠢ ᠵᠤᠬᠢᠴᠠᠬᠤ ᠳᠤ ᠴᠢᠳᠠᠮᠠᠭᠠᠢ | ᠪᠠᠶᠢᠳᠠᠭ᠃ |