ᠮᠠᠯ ᠤᠨ ᠠᠷᠠᠰᠤᠨ ᠤ ᠨᠡᠷᠡᠶᠢᠳᠦᠯ
ᠨᠡᠶᠢᠲᠡᠯᠡᠭᠰᠡᠨ ᠴᠠᠭ᠄
2023/3/6
    1. ᠨᠡᠬᠡᠢ— ᠦᠰᠦ ᠨᠢ ᠬᠦᠢᠴᠡᠭᠰᠡᠨ ᠬᠤᠨᠢ ᠶᠢ ᠲᠦᠬᠦᠭᠡᠷᠡᠭᠡᠳ ᠨᠤᠮ ᠤᠨ ᠶᠤᠰᠤ ᠪᠠᠷ ᠦᠪᠴᠢᠵᠦ ᠠᠪᠤᠭᠰᠠᠨ ᠪᠦᠷᠢᠨ ᠪᠦᠲᠦᠨ ᠠᠷᠠᠰᠤ᠃ ᠮᠦᠨ ᠡᠪᠦᠯ ᠤᠨ ᠴᠠᠭ ᠲᠤ ᠡᠰᠡᠪᠡᠯ ᠨᠠᠮᠤᠷ ᠤᠷᠤᠢ᠂ ᠬᠠᠪᠤᠷ ᠡᠷᠲᠡ ᠦᠬᠦᠭᠰᠡᠨ ᠮᠠᠯ ᠠᠴᠠ ᠦᠪᠴᠢᠵᠦ ᠠᠪᠤᠭᠰᠠᠨ ᠰᠠᠬᠤᠯᠢᠭ ᠦᠰᠦ ᠲᠠᠢ ᠠᠷᠠᠰᠤ᠃     2. ᠰᠢᠷᠢ— ᠦᠬᠡᠷ᠂ ᠠᠳᠤᠭᠤ᠂ ᠲᠡᠮᠡᠭᠡ᠂ ᠲᠤᠷᠤᠭ ᠬᠦᠷᠦᠭᠡᠰᠦᠨ ᠤ ᠠᠷᠠᠰᠤ᠃     3. ᠲᠤᠷᠠᠰᠬ᠎ᠠ— ᠲᠤᠷᠠᠵᠤ ᠦᠬᠦᠭᠰᠡᠨ ᠪᠣᠭ ᠮᠠᠯ ᠤᠨ ᠬᠦᠷᠦᠰᠦ ᠮᠠᠭᠤᠲᠠᠢ ᠬᠡᠪᠡᠷᠡᠭ ᠠᠷᠠᠰᠤ᠃     4. ᠠᠳᠠᠰᠬ᠎ᠠ— ᠡᠪᠡᠳᠴᠢᠨ ᠢᠶᠠᠷ ᠡᠰᠡᠭᠦᠯ᠎ᠡ ᠦᠯᠪᠡᠷᠴᠦ ᠦᠬᠦᠭᠰᠡᠨ ᠮᠠᠯ ᠤᠨ ᠠᠷᠠᠰᠤ ᠰᠢᠷᠢ᠃ ᠠᠳᠠᠰᠬ᠎ᠠ  ᠶᠢ ᠨᠣᠬᠠᠢ ᠳᠤ ᠳᠡᠪᠢᠰᠬᠦ᠂ ᠠᠷᠭᠠᠯ ᠬᠤᠷᠭᠤᠯ ᠪᠦᠲᠡᠭᠡᠬᠦ᠂ ᠦᠨᠡᠰᠦ ᠬᠤᠭ ᠵᠦᠭᠡᠭᠡᠬᠦ ᠳᠤ ᠬᠡᠷᠡᠭᠯᠡᠳᠡᠭ᠃     5. ᠬᠦᠳᠦᠰᠦ— ᠡᠯᠳᠡᠭᠰᠡᠨ ᠨᠡᠬᠡᠢ ᠠᠷᠠᠰᠤᠨ ᠤ ᠬᠠᠭᠤᠴᠢᠷᠠᠭᠰᠠᠨ ᠪᠠᠭᠠᠬᠠᠨ ᠬᠡᠰᠡᠭ᠃     6. ᠢᠯᠬᠢ— ᠮᠠᠯ ᠬᠦᠷᠦᠭᠡᠰᠦᠨ‌‍ᠤ ᠠᠷᠠᠰᠤ‌‍ᠶᠢ ᠡᠯᠳᠡᠵᠦ ᠦᠰᠦ‌‍ᠶᠢ‌ᠨᠢ ᠵᠤᠮᠠᠭᠠᠯᠠᠭᠰᠠᠨ ᠨᠡᠬᠡᠢ‌‍ᠶᠢ ᠬᠡᠯᠡᠨ᠎ᠡ᠃     7. ᠰᠡᠪᠬᠢ— ᠦᠢᠯᠡᠳᠪᠦᠷᠢ ᠶᠢᠨ ᠠᠷᠭ᠎ᠠ ᠪᠠᠷ ᠵᠤᠮᠠᠭᠠᠯᠠᠵᠤ᠂ ᠪᠣᠳᠤᠭᠰᠠᠨ ᠢᠯᠬᠢ ᠶᠢ ᠬᠡᠯᠡᠨ᠎ᠡ᠃     8. ᠬᠦᠮ—ᠲᠦᠯ ᠠᠴᠠ ᠳᠡᠭᠡᠭᠰᠢ ᠨᠠᠰᠤᠨ ᠤ ᠪᠣᠳᠠ ᠮᠠᠯ ᠤᠨ ᠡᠯᠳᠡᠵᠦ ᠵᠥᠭᠡᠯᠡᠷᠡᠭᠦᠯᠦᠭᠰᠡᠨ ᠠᠷᠠᠰᠤ᠃     9. ᠰᠣᠷᠰᠣᠨ— ᠵᠦᠷ ᠤᠨ ᠠᠷᠠᠰᠤ᠃ ᠪᠣᠷᠣ ᠬᠦᠷᠦᠭᠡᠰᠦᠨ ᠤ ᠡᠮᠡᠭᠴᠢᠨ ᠢ ᠨᠢ ᠵᠦᠷ ᠭᠡᠨ᠎ᠡ᠃     10. ᠰᠠᠭᠠᠷᠢ— ᠠᠳᠤᠭᠤ ᠵᠡᠷᠭᠡ ᠮᠠᠯ ᠤᠨ ᠵᠤ᠂ ᠬᠤᠨᠳᠤᠯᠠᠢ ᠶᠢᠨ ᠠᠷᠠᠰᠤ ᠶᠢ ᠪᠣᠯᠪᠠᠰᠤᠷᠠᠭᠤᠯᠵᠤ ᠠᠪᠤᠭᠰᠠᠨ ᠢ ᠬᠡᠯᠡᠨ᠎ᠡ᠃ ᠠᠳᠣᠭᠤᠰᠣᠨ ᠤ ᠴᠤᠯᠭᠤᠢ ᠠᠷᠠᠰᠤ ᠶᠢ ᠪᠠᠰᠠ ᠰᠠᠭᠠᠷᠢ ᠭᠡᠳᠡᠭ ᠴᠦ ᠪᠤᠢ᠃     11. ᠦᠳᠡᠭᠡᠷᠢ— ᠶᠠᠭᠤᠮ᠎ᠠ ᠶᠢ ᠦᠳᠡᠬᠦ ᠳᠤ ᠬᠡᠷᠡᠭᠯᠡᠬᠦ ᠨᠠᠷᠢᠨ ᠵᠦᠰᠦᠭᠰᠡᠨ ᠰᠢᠷᠢ᠃     12. ᠰᠠᠷᠢᠰᠤ— ᠬᠤᠨᠢ ᠢᠮᠠᠭᠠᠨ ᠤ ᠠᠷᠠᠰᠤ ᠶᠢ ᠪᠣᠯᠪᠠᠰᠤᠷᠠᠭᠤᠯᠵᠤ ᠬᠢᠭᠰᠡᠨ ᠨᠢᠮᠭᠡᠨ ᠢᠯᠬᠢ᠃     13. ᠰᠠᠷᠮᠠᠢ— ᠦᠰᠦ ᠨᠢ ᠵᠢᠭᠳᠡ ᠪᠣᠰᠣ ᠲᠠᠴᠢᠷ᠂ ᠵᠠᠷᠢᠮ ᠬᠡᠰᠡᠭ ᠲᠤ ᠪᠠᠨ ᠬᠠᠯᠴᠠᠭᠠᠢ ᠠᠷᠠᠰᠤ ᠶᠢ ᠬᠡᠯᠡᠨ᠎ᠡ᠃     14. ᠲᠠᠷᠵᠠ— ᠲᠠᠴᠢᠷ ᠦᠰᠦ ᠲᠠᠢ ᠬᠤᠨᠢ ᠢᠮᠠᠭᠠᠨ ᠤ ᠠᠷᠠᠰᠤ᠃     15. ᠰᠡᠭᠰᠡᠭᠦᠷᠭᠡ— ᠬᠦᠷᠦᠪᠡᠵᠢᠭᠰᠡᠨ᠂ ᠰᠡᠭᠰᠡᠯᠵᠡᠭᠰᠡᠨ ᠶᠡᠭᠡ ᠦᠰᠦ ᠲᠠᠢ ᠬᠤᠷᠠᠭᠠᠨ ᠤ ᠠᠷᠠᠰᠤ᠃     16. ᠦᠵᠦᠬᠦᠷᠰᠡᠭ— ᠬᠠᠪᠤᠷ ᠤᠷᠲᠤ ᠶᠢᠨ ᠦᠰᠦ ᠶᠢ ᠬᠢᠷᠭᠠᠭᠰᠠᠨ ᠠᠴᠠ ᠬᠤᠶᠢᠰᠢ ᠤᠷᠭᠤᠵᠤ ᠠᠬᠤᠷ  ᠲᠠᠢ ᠪᠣᠯᠣᠭᠰᠠᠨ ᠬᠤᠨᠢᠨ ᠤ ᠠᠷᠠᠰᠤ ᠶᠢ ᠬᠡᠯᠡᠨ᠎ᠡ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号