ᠡᠷᠡᠭᠦᠯ ᠶᠠᠪᠤᠬᠤ ᠶᠢᠨ ᠲᠦᠯᠦᠭᠡ  ︵ᠬᠤᠶᠠᠷ︶
ᠨᠡᠶᠢᠲᠡᠯᠡᠭᠰᠡᠨ ᠴᠠᠭ᠄
2023/6/19
    ᠬᠤᠶᠠᠷ᠂ ᠢᠳᠡᠭᠡᠨ ᠢᠶᠠᠷ ᠪᠡᠶ᠎ᠡ ᠪᠠᠨ ᠰᠤᠪᠢᠯᠠᠬᠤ ᠳᠤ᠄      1. ᠠᠮᠤ ᠪᠤᠳᠠᠭ᠎ᠠ      ᠡᠷᠳᠡᠨᠢ ᠰᠢᠰᠢ — ᠰᠢᠵᠢᠷ ᠠᠯᠳᠠᠨ ᠪᠤᠳᠠᠭ᠎ᠠ ᠭᠡᠬᠦ ᠨᠡᠷ᠎ᠡ ᠲᠠᠢ᠃ ᠤᠯᠠᠨ ᠲᠦᠷᠦᠯ ᠤᠨ ᠰᠢᠮ᠎ᠡ ᠲᠡᠵᠢᠬᠡᠯ ᠲᠠᠢ ᠪᠠᠶᠢᠳᠠᠭ᠃ ᠴᠢᠰᠤᠨ ᠲᠠᠷᠤᠯᠳᠠ ᠦᠨᠳᠦᠷ᠂ ᠴᠢᠰᠤᠨ ᠰᠤᠳᠠᠯ ᠤᠨ ᠬᠠᠳᠠᠭᠤᠷᠠᠯ ᠡᠪᠡᠳᠴᠢᠨ ᠢ ᠰᠡᠷᠭᠡᠶᠢᠯᠡᠬᠦ ᠳᠤ ᠤᠨᠴᠠ ᠲᠤᠰᠠᠳᠠᠢ ᠠᠮᠤ ᠪᠤᠳᠠᠭ᠎ᠠ᠃      ᠰᠠᠭᠠᠭ — ᠴᠢᠰᠤᠨ ᠲᠠᠷᠤᠯᠳᠠ ᠦᠨᠳᠦᠷ᠂ ᠴᠢᠰᠤᠨ ᠦᠭᠡᠬᠦ ᠶᠡᠭᠡ᠂ ᠴᠢᠰᠤᠨ ᠰᠢᠬᠢᠷ ᠶᠡᠭᠡ ᠶᠢ ᠪᠠᠭᠤᠷᠠᠭᠤᠯᠬᠤ ᠤᠨᠴᠠ ᠲᠦᠷᠦᠯ ᠤᠨ ᠠᠮᠤ᠃ ᠰᠠᠭᠠᠭ ᠤᠨ ᠲᠤᠳᠤᠷ᠎ᠠ 18% ᠶᠢᠨ ᠰᠢᠷᠭᠡᠭᠯᠢᠭ ᠡᠳ᠋ ᠠᠭᠤᠯᠤᠭᠳᠠᠵᠦ᠂ ᠦᠷᠭᠦᠯᠵᠢ ᠢᠳᠡᠪᠡᠯ ᠬᠡᠳᠡᠰᠦᠨ ᠤ ᠦᠮᠡᠨ᠂ ᠰᠢᠯᠤᠭᠤᠨ ᠬᠡᠳᠡᠰᠦᠨ ᠤ ᠦᠮᠡᠨ᠂ ᠨᠤᠭᠤᠯᠤᠭᠤᠷ ᠬᠡᠳᠡᠰᠦᠨ ᠤ ᠦᠮᠡᠨ ᠨᠠᠭᠠᠯᠳᠤᠬᠤ ᠦᠭᠡᠢ ᠪᠠᠶᠢᠳᠠᠭ᠃ ᠡᠳᠡᠭᠡᠷ ᠢ ᠦᠷᠭᠦᠯᠵᠢ ᠢᠳᠡᠬᠦ ᠨᠢ ᠰᠢᠯᠤᠭᠤᠨ ᠬᠡᠳᠡᠰᠦ᠂ ᠨᠤᠭᠤᠯᠤᠭᠤᠷ ᠭᠡᠳᠡᠰᠦᠨ ᠤ ᠤᠰᠤ ᠶᠢ ᠰᠢᠩᠭᠡᠭᠡᠵᠦ᠂ ᠦᠬᠡᠬᠦ ᠶᠢᠨ ᠲᠦᠷᠦᠯ᠂ ᠰᠢᠬᠢᠷ ᠤᠨ ᠲᠦᠷᠦᠯ ᠢ ᠰᠢᠩᠭᠡᠭᠡᠵᠦ᠂ ᠬᠤᠳᠤᠭᠤᠳᠤ ᠭᠡᠳᠡᠰᠦᠨ ᠤ ᠬᠤᠤᠷ ᠤᠳ ᠢ ᠰᠢᠩᠭᠡᠭᠡᠵᠦ ᠭᠠᠳᠠᠭᠰᠢᠯᠠᠭᠤᠯᠳᠠᠭ ᠶᠤᠮ᠃      ᠨᠤᠬᠠᠢ ᠶᠢᠨ ᠬᠤᠰᠢᠭᠤ ︵燕麦︶ — ᠨᠤᠬᠠᠢ ᠶᠢᠨ ᠬᠤᠰᠢᠭᠤ ᠪᠤᠯ ᠴᠢᠰᠤᠨ ᠦᠬᠡᠬᠦ᠂ ᠴᠢᠰᠤᠨ ᠲᠠᠷᠤᠯᠳᠠ ᠶᠢ ᠪᠠᠭᠤᠷᠠᠭᠤᠯᠬᠤ᠂ ᠺᠯᠢᠽᠧᠷᠢᠨ ᠭᠤᠷᠪᠠᠴᠢ ᠡᠰᠲ᠋ᠧᠷ ︵甘油三酯︶ ᠢ ᠪᠠᠭᠤᠷᠠᠭᠤᠯᠬᠤ ᠳᠤ ᠤᠨᠴᠠ ᠲᠤᠰᠠᠳᠠᠢ ᠠᠮᠤ᠃ ᠨᠤᠬᠠᠢ ᠬᠤᠰᠢᠭᠤ ᠬᠤᠯᠢᠭᠰᠠᠨ ᠪᠤᠳᠠᠭ᠎ᠠ᠂ ᠨᠤᠬᠠᠢ ᠶᠢᠨ ᠬᠤᠰᠢᠭᠤ ᠲᠠᠢ ᠰᠢᠩᠭᠡᠨ ᠪᠤᠳᠠᠭ᠎ᠠ᠂ ᠨᠤᠬᠠᠢ ᠬᠤᠰᠢᠭᠤ ᠶᠢᠨ ᠭᠤᠯᠢᠷ ᠪᠤᠶᠤ ᠬᠠᠳᠠᠭᠠᠮᠠᠯ ᠵᠡᠷᠭᠡ ᠶᠢ ᠢᠳᠡᠵᠦ᠂ ᠴᠢᠰᠤᠨ ᠦᠬᠡᠬᠦ ᠪᠠᠨ ᠪᠠᠭᠤᠷᠠᠭᠤᠯᠵᠦ ᠪᠠᠶᠢᠭᠠᠷᠠᠢ᠃      2. ᠪᠤᠷᠴᠠᠭ      ᠪᠤᠷᠴᠠᠭ ᠤᠨ ᠲᠤᠳᠤᠷ᠎ᠠ ᠪᠠᠭ᠎ᠠ ᠳᠤ ᠪᠠᠨ ᠲᠠᠪᠤᠨ ᠲᠦᠷᠦᠯ ᠤᠨ ᠦᠮᠡᠨ ᠢ ᠡᠰᠡᠷᠭᠦᠴᠡᠬᠦ ᠡᠳ᠋ ᠠᠭᠤᠯᠤᠭᠳᠠᠳᠠᠭ᠃ ᠭᠠᠤᠯᠢ ᠪᠤᠯ ᠭᠠᠭᠴᠠ ᠪᠤᠷᠴᠠᠭ ᠤᠨ ᠲᠦᠷᠦᠯ ᠳᠤ ᠯᠡ ᠠᠭᠤᠯᠤᠭᠳᠠᠳᠠᠭ᠃ ᠲᠡᠷᠡ ᠨᠢ ᠬᠦᠬᠦᠨ ᠤ ᠦᠮᠡᠨ᠂ ᠰᠢᠯᠤᠭᠤᠨ ᠬᠡᠳᠡᠰᠦᠨ ᠤ ᠦᠮᠡᠨ᠂ ᠨᠤᠭᠤᠯᠤᠭᠤᠷ ᠭᠡᠳᠡᠰᠦᠨ ᠤ ᠦᠮᠡᠨ ᠢ ᠰᠡᠷᠭᠡᠶᠢᠯᠡᠨ ᠵᠠᠰᠠᠬᠤ ᠳᠤ ᠤᠨᠴᠠ ᠲᠤᠰᠠᠳᠠᠢ᠃ ︽ᠨᠢᠭᠡ ᠠᠳᠬᠤ ᠨᠤᠭᠤᠭ᠎ᠠ᠂ ᠨᠢᠭᠡ ᠠᠳᠬᠤ ᠪᠤᠷᠴᠠᠭ᠂ ᠨᠢᠭᠡ ᠦᠨᠳᠡᠭᠡ᠂ ᠵᠢᠭᠠᠬᠠᠨ ᠮᠢᠬ᠎ᠠ︾ ᠨᠢ ᠰᠢᠮ᠎ᠡ ᠲᠡᠵᠢᠬᠡᠯ ᠮᠠᠰᠢ ᠦᠨᠳᠦᠷ ᠨᠢᠭᠡ ᠡᠷᠡᠨ ᠤ ᠨᠤᠭᠤᠭ᠎ᠠ ᠵᠠᠭᠤᠰᠢ ᠮᠦᠨ ᠰᠢᠦ ᠳ᠋ᠠ᠃      3. ᠨᠤᠭᠤᠭ᠎ᠠ      ᠬᠤᠯᠤᠤᠪᠠᠩ — ᠬᠤᠯᠤᠤᠪᠠᠩ ᠨᠢ ᠨᠢᠳᠦᠨ ᠬᠠᠷᠠᠭ᠎ᠠ ᠳᠤ ᠰᠢᠮ᠎ᠡ ᠲᠡᠵᠢᠬᠡᠯ ᠬᠠᠩᠭᠠᠳᠠᠭ ᠤᠨᠴᠠ ᠲᠦᠷᠦᠯ ᠤᠨ ᠨᠤᠭᠤᠭ᠎ᠠ᠃ ᠨᠢᠳᠦᠨ ᠤ ᠨᠡᠬᠡᠳᠡᠰᠦ ᠪᠦᠷᠬᠦᠬᠦᠯ ᠢ ᠬᠠᠮᠠᠭᠠᠯᠠᠵᠦ ᠬᠢᠮᠤᠷᠠᠬᠤ ᠠᠴᠠ ᠰᠡᠷᠭᠡᠶᠢᠯᠡᠳᠡᠭ᠃ ᠦᠰᠦ ᠬᠡᠵᠢᠬᠡ ᠠᠷᠠᠰᠤ ᠮᠢᠬᠠᠨ ᠳᠤ ᠰᠢᠮ᠎ᠡ ᠲᠡᠵᠢᠬᠡᠯ ᠬᠠᠩᠭᠠᠵᠦ ᠬᠢᠯᠦᠭᠡᠷ ᠰᠠᠶᠢᠬᠠᠨ ᠪᠤᠯᠭᠠᠳᠠᠭ᠃ ᠦᠮᠡᠨ ᠢ ᠡᠰᠡᠷᠭᠦᠴᠡᠬᠦ ᠦᠢᠯᠡᠳᠦᠯ ᠲᠠᠢ᠃ ᠲᠠᠬᠢᠶᠠᠨ ᠬᠠᠷᠠᠩ ᠡᠪᠡᠳᠴᠢᠨ ᠢ ᠰᠡᠷᠭᠡᠶᠢᠯᠡᠬᠦ ᠳᠤ ᠬᠤᠯᠤᠤᠪᠠᠩ ᠤᠨᠴᠠ ᠲᠤᠰᠠᠳᠠᠢ ᠪᠠᠶᠢᠳᠠᠭ᠃      ᠯᠠᠩᠭᠤᠸᠠ — ᠸᠢᠲ᠋ᠠᠮᠢᠨ ᠤ ᠡᠰ ᠲᠤ ᠰᠡᠳᠦᠯᠳᠡ ᠦᠭᠴᠦ ᠨᠦᠢᠷ ᠤᠨ ᠠᠷᠠᠯ ᠤᠨ ᠡᠳ᠋ ᠢ ᠪᠤᠢ ᠪᠤᠯᠭᠠᠳᠠᠭ ᠶᠤᠮ᠃ ᠦᠷᠭᠦᠯᠵᠢ ᠶᠢᠨ ᠴᠢᠨᠠᠷ ᠲᠠᠢ ᠯᠠᠩᠭᠤᠸᠠ ᠢᠳᠡᠳᠡᠭ ᠬᠦᠮᠦᠨ᠂ ᠴᠢᠰᠦᠨ ᠰᠢᠬᠢᠷ ᠤᠨ ᠡᠪᠡᠳᠴᠢᠨ ᠠᠮᠠᠷᠬᠠᠨ ᠤᠯᠳᠠᠭ ᠦᠭᠡᠢ ᠶᠤᠮ᠃      ᠲᠦᠪᠡᠳ ᠬᠠᠰᠢ — ᠲᠦᠪᠡᠳ ᠬᠠᠰᠢ ᠦᠷᠬᠦᠯᠵᠢ ᠢᠳᠡᠬᠦ ᠨᠢ ᠬᠡᠪᠳᠡᠰᠢᠨ ᠤ ᠦᠮᠡᠨ᠂ ᠦᠨᠳᠡᠭᠡᠪᠴᠢ ᠶᠢᠨ ᠦᠮᠡᠨ᠂ ᠨᠦᠢᠷ ᠤᠨ ᠦᠮᠡᠨ᠂ ᠲᠠᠪᠤᠰᠠᠩ ᠤᠨ ᠦᠮᠡᠨ᠂ ᠤᠷᠳᠤ ᠪᠤᠯᠴᠢᠷᠬᠠᠢ ᠶᠢᠨ ᠦᠮᠡᠨ ᠵᠡᠷᠭᠡ ᠶᠢ ᠪᠠᠷᠤᠭ ᠲᠠᠢ ᠳᠤ ᠤᠯᠳᠠᠭ ᠦᠭᠡᠢ ᠶᠤᠮ᠃ ᠲᠦᠪᠡᠳ ᠬᠠᠰᠢ ᠶᠢᠨ ᠲᠤᠳᠤᠷ᠎ᠠ ᠲᠦᠪᠡᠳ ᠬᠠᠰᠢ ᠶᠢᠨ ᠡᠳ᠋ ᠭᠡᠳᠡᠭ ᠡᠯᠧᠮᠧᠨ᠋ᠲ ᠪᠤᠢ᠂ ᠲᠡᠷᠡ ᠨᠢ ᠤᠭᠤᠷᠠᠭ ᠡᠳ᠋ ᠲᠠᠢ ᠨᠡᠶᠢᠯᠡᠯᠳᠦᠨ ᠰᠢᠷᠭᠡᠭᠯᠢᠭ ᠡᠳ᠋ ᠢᠶᠠᠷ ᠪᠠᠭᠯᠠᠭᠳᠠᠵᠦ ᠪᠠᠶᠢᠳᠠᠭ᠂ ᠵᠤᠬᠢᠬᠤ ᠲᠤᠯᠠᠭᠠᠨ ᠤ ᠨᠦᠬᠦᠴᠡᠯ ᠳᠤ ᠰᠠᠶ᠋ᠢ ᠵᠠᠳᠠᠷᠠᠨ ᠰᠢᠩᠭᠡᠭᠡᠭᠳᠡᠳᠡᠭ᠂ ᠡᠶᠢᠮᠦ ᠠᠴᠠ ᠲᠦᠪᠡᠳ ᠬᠠᠰᠢ ᠶᠢ ᠦᠨᠳᠡᠭᠡ ᠲᠠᠢ ᠬᠠᠭᠤᠷᠴᠤ ᠢᠳᠡᠬᠦ ᠪᠤᠶᠤ ᠲᠦᠪᠡᠳ ᠬᠠᠰᠢ ᠶᠢᠨ ᠱᠦᠯᠦ᠂ ᠦᠨᠳᠡᠭᠡ ᠶᠢ ᠲᠦᠪᠡᠳ ᠬᠠᠰᠢ ᠲᠠᠢ ᠬᠤᠯᠢᠭᠰᠠᠨ ᠱᠦᠯᠦ ᠵᠡᠷᠭᠡ ᠪᠠᠷ ᠢᠳᠡᠬᠦ ᠨᠢ ᠠᠰᠢᠭᠯᠠᠮᠵᠢ ᠦᠨᠳᠦᠷ ᠪᠠᠶᠢᠳᠠᠭ᠃ ᠲᠦᠪᠡᠳ ᠬᠠᠰᠢ ᠶᠢ ᠲᠦᠬᠦᠭᠡᠢ ᠪᠠᠷ ᠢᠳᠡᠬᠦ ᠨᠢ ᠦᠮᠡᠨ ᠢ ᠡᠰᠡᠷᠭᠦᠴᠡᠬᠦ ᠴᠢᠨᠡᠷ ᠢᠶᠠᠷ ᠮᠠᠰᠢ ᠲᠤᠤᠷ᠎ᠠ ᠪᠠᠶᠢᠳᠠᠭ᠃      ᠰᠠᠷᠢᠮᠰᠠᠭ — ᠦᠮᠡᠨ ᠢ ᠡᠰᠡᠷᠭᠦᠴᠡᠬᠦ ᠶᠡᠭᠡ ᠸᠠᠩ ᠴᠤᠯᠠ ᠲᠠᠢ ᠨᠤᠭᠤᠭ᠎ᠠ᠃ ᠰᠡᠷᠢᠮᠰᠠᠭ ᠢ ᠢᠳᠡᠬᠦ ᠠᠷᠭ᠎ᠠ ᠶᠢ ᠤᠨᠴᠠᠯᠠᠨ ᠠᠩᠬᠠᠷᠤᠨ᠎ᠠ᠂ ᠬᠠᠯᠢᠰᠤ ᠶᠢ ᠨᠢ ᠱᠠᠭᠠᠯᠤᠭᠠᠳ ᠯᠡ ᠰᠢᠳᠤ ᠰᠢᠳᠤ ᠪᠠᠷ ᠢᠳᠡᠬᠦ ᠨᠢ ᠦᠢᠯᠡᠳᠦᠯ ᠬᠡᠷᠡᠭᠴᠡᠭᠡ ᠲᠤᠩ ᠪᠠᠷᠤᠭᠳᠠᠢ ᠪᠠᠶᠢᠳᠠᠭ᠃ ᠲᠠᠷᠤᠢ ᠦᠮᠡᠨ ᠢ ᠡᠰᠡᠷᠭᠦᠴᠡᠬᠦ ᠦᠢᠯᠡᠳᠦᠯ ᠦᠭᠡᠢ᠂ ᠢᠳᠡᠬᠦ ᠠᠴᠠ ᠪᠠᠨ ᠡᠮᠦᠨ᠎ᠡ ᠨᠠᠷᠢᠨ ᠬᠡᠷᠴᠢᠮᠡᠯ ᠪᠤᠯᠭᠠᠬᠤ ᠪᠤᠶᠤ ᠨᠦᠳᠦᠵᠦ ᠨᠤᠨᠳᠠᠭ ᠪᠤᠯᠭᠠᠭᠠᠳ᠂ ᠠᠭᠠᠷ ᠨᠡᠪᠳᠡᠷᠡᠬᠦ ᠭᠠᠵᠠᠷ 15 ᠮᠢᠨᠦ᠋ᠲ ᠤᠷᠴᠢᠮ ᠲᠠᠯᠪᠢᠪᠠᠯ᠂ ᠠᠭᠠᠷ ᠲᠠᠢ ᠤᠷᠪᠠᠯᠳᠤᠵᠦ᠂ ᠰᠡᠷᠢᠮᠰᠠᠭ ᠤᠨ ᠡᠳ᠋ ᠭᠡᠳᠡᠭ ᠶᠠᠭᠤᠮ᠎ᠠ ᠪᠤᠢ ᠪᠤᠯᠤᠨ᠎ᠠ᠂ ᠡᠨᠡᠬᠦ ᠰᠡᠷᠢᠮᠰᠠᠭ ᠤᠨ ᠡᠳ᠋ ᠭᠡᠳᠡᠭ ᠶᠠᠭᠤᠮ᠎ᠠ ᠨᠢ ᠦᠮᠡᠨ ᠢ ᠡᠰᠡᠷᠭᠦᠴᠡᠳᠡᠭ ᠠᠴᠠ ᠪᠢᠰᠢ ᠪᠤᠰᠤᠳ ᠵᠦᠢᠯ ᠨᠢ ᠡᠰᠡᠷᠭᠦᠴᠡᠳᠡᠭ ᠦᠭᠡᠢ ᠶᠤᠮ᠃ ᠤᠯᠠᠩᠬᠢ ᠬᠦᠮᠦᠨ ᠰᠠᠷᠢᠮᠰᠠᠭ ᠢᠳᠡᠪᠡᠯ ᠠᠮᠠᠨ ᠠᠴᠠ ᠦᠮᠡᠭᠡᠢ ᠦᠨᠦᠷ ᠭᠠᠷᠤᠨ᠎ᠠ ᠭᠡᠳ ᠰᠠᠷᠢᠮᠰᠠᠭ ᠢᠳᠡᠬᠦ ᠠᠴᠠ ᠵᠠᠶᠢᠯᠠᠰᠬᠢᠭᠡᠳ ᠪᠠᠶᠢᠳᠠᠭ᠂ ᠰᠠᠷᠢᠮᠰᠠᠭ ᠢᠳᠡᠭᠰᠡᠨ ᠤ ᠲᠠᠷᠠᠭ᠎ᠠ ᠲᠤᠯᠤᠭᠤᠨ᠎ᠠ᠂ ᠯᠤᠬᠠᠱᠧᠩ ᠢᠳᠡᠬᠦ ᠪᠤᠶᠤ ᠴᠠᠢ ᠶᠢᠨ ᠱᠠᠭᠠᠷᠤᠭ ᠵᠢᠭᠠᠬᠠᠨ ᠵᠠᠵᠢᠯᠠᠪᠠᠯ ᠰᠠᠷᠢᠮᠰᠠᠭ ᠤᠨ ᠦᠨᠦᠷ ᠢ ᠲᠠᠷᠤᠵᠦ ᠪᠤᠯᠤᠨ᠎ᠠ᠃      ᠬᠠᠷ᠎ᠠ ᠲᠡᠯᠳᠡᠤ — ᠨᠢᠭᠡ ᠲᠦᠷᠦᠯ ᠤᠨ ᠮᠦᠬᠦ᠃ ᠤᠳᠤ ᠶᠢᠨ ᠬᠦᠮᠦᠰ ᠤᠨ ᠤᠯᠠᠩᠬᠢ ᠨᠢ ᠴᠢᠰᠤ ᠦᠳᠭᠡᠷᠡᠬᠦ ᠬᠡᠮ ᠲᠠᠢ ᠪᠤᠯᠵᠠᠢ᠃ ᠬᠦᠵᠦᠬᠦᠦ ᠨᠢ ᠤᠬᠤᠷ ᠤᠭᠵᠤᠭᠤᠷ ᠬᠦᠮᠦᠨ᠂ ᠴᠢᠰᠤᠨ ᠤ ᠬᠡᠯᠪᠡᠷᠢ ᠨᠢ AB ᠬᠡᠯᠪᠡᠷᠢ ᠶᠢᠨ ᠬᠦᠮᠦᠨ᠂ ᠭᠡᠬᠦᠷ ᠪᠡᠷ᠎ᠡ ᠶᠡᠭᠡ ᠲᠠᠢ ᠬᠦᠮᠦᠨ᠂ ᠴᠡᠪᠡᠷᠰᠢᠯ ᠤᠨ ᠬᠤᠭᠤᠴᠠᠭᠠᠨ ᠤ ᠪᠦᠰᠡᠭᠦ᠋ᠢᠴᠤᠣᠯ ᠴᠢᠰᠤ ᠦᠳᠭᠡᠷᠡᠬᠦ ᠬᠡᠮ ᠳᠤ ᠠᠮᠠᠷᠬᠠᠨ ᠨᠡᠷᠪᠡᠭᠳᠡᠳᠡᠭ ᠶᠤᠮ᠃ ᠴᠢᠰᠤ ᠦᠳᠭᠡᠷᠡᠬᠦ ᠬᠡᠮ ᠳᠤ ᠨᠡᠷᠪᠡᠭᠳᠡᠭᠰᠡᠨ ᠬᠦᠮᠦᠨ ᠵᠢᠷᠦᠬᠡᠨ ᠪᠤᠯᠴᠢᠩ ᠤᠨ ᠲᠦᠭᠵᠢᠷᠡᠯ ᠢᠶᠠᠷ ᠦᠬᠦᠬᠦ ᠨᠤᠷᠮ᠎ᠠ ᠨᠢ ᠦᠨᠳᠦᠷ ᠪᠠᠶᠢᠳᠠᠭ᠂ ᠬᠠᠷ᠎ᠠ ᠲᠡᠯᠳᠡᠤ ᠦᠷᠭᠦᠯᠵᠢ ᠢᠳᠡᠪᠡᠯ ᠴᠢᠰᠤ ᠦᠳᠭᠡᠷᠡᠬᠦ ᠬᠡᠮ ᠢ ᠵᠠᠰᠠᠬᠤ ᠳᠤ ᠤᠨᠴᠠ ᠲᠤᠰᠠᠳᠠᠢ᠃      4. ᠠᠮᠢᠳᠠᠨ ᠤ ᠲᠦᠷᠦᠯ ᠤᠨ ᠢᠳᠡᠭᠡᠨ      ᠭᠠᠭ᠋ᠠᠢ ᠶᠢᠨ ᠮᠢᠬ᠎ᠠ᠂ ᠬᠤᠨᠢ ᠢᠮᠠᠭᠠᠨ ᠮᠢᠬ᠎ᠠ ᠪᠠᠶᠢᠪᠠᠯ ᠬᠤᠨᠢ ᠢᠮᠠᠭᠠᠨ ᠮᠢᠬ᠎ᠠ ᠶᠢ ᠨᠢ ᠢᠳᠡᠨ᠎ᠡ ᠭᠡᠳᠡᠭ᠃ ᠬᠤᠨᠢ ᠢᠮᠠᠭᠠᠨ ᠮᠢᠬ᠎ᠠ᠂ ᠲᠠᠬᠢᠶ᠎ᠠ ᠭᠠᠯᠠᠭᠤ ᠶᠢᠨ ᠮᠢᠬ᠎ᠠ ᠪᠠᠶᠢᠪᠠᠯ᠂ ᠲᠠᠬᠢᠶ᠎ᠠ ᠭᠠᠯᠠᠭᠤ ᠶᠢᠨ ᠮᠢᠬ᠎ᠠ ᠶᠢ ᠨᠢ ᠢᠳᠡᠨ᠎ᠡ ᠭᠡᠳᠡᠭ᠃ ᠲᠠᠬᠢᠶ᠎ᠠ ᠭᠠᠯᠠᠭᠤ ᠶᠢᠨ ᠮᠢᠬ᠎ᠠ᠂ ᠵᠢᠭᠠᠰᠤᠨ ᠮᠢᠬ᠎ᠠ ᠪᠠᠶᠢᠪᠠᠯ ᠵᠢᠭᠠᠰᠤᠨ ᠮᠢᠬ᠎ᠠ ᠶᠢ ᠨᠢ ᠢᠳᠡᠨ᠎ᠡ ᠭᠡᠳᠡᠭ᠃ ᠵᠢᠭᠠᠰᠤᠨ ᠮᠢᠬ᠎ᠠ᠂ ᠰᠠᠮ ᠬᠤᠷᠤᠬᠠᠢ ᠪᠠᠶᠢᠪᠠᠯ ᠰᠠᠮ ᠬᠤᠷᠤᠬᠠᠢ ᠶᠢ ᠨᠢ ᠢᠳᠡᠨ᠎ᠡ ᠭᠡᠳᠡᠭ᠃ ᠵᠢᠵᠢᠭ ᠵᠢᠭᠠᠰᠤ ᠵᠢᠵᠢᠭ ᠰᠠᠮ ᠬᠤᠷᠤᠬᠠᠢ ᠨᠢ ᠬᠠᠮᠤᠭ ᠰᠢᠮ᠎ᠡ ᠲᠡᠵᠢᠭᠡᠯ ᠲᠠᠢ ᠪᠠᠶᠢᠵᠦ᠂ ᠪᠦᠬᠦᠯᠢ ᠪᠠᠷ ᠨᠢ ᠢᠳᠡᠪᠡᠯ ᠰᠢᠮ᠎ᠡ ᠲᠡᠵᠢᠭᠡᠯ ᠡᠯᠪᠡᠭ ᠠᠭᠤᠯᠤᠭᠳᠠᠳᠠᠭ ᠶᠤᠮ᠃       5. ᠱᠤᠷᠠᠭ ᠵᠠᠮᠠᠭ ︵螺旋藻︶      ᠱᠤᠷᠠᠭ ᠵᠠᠮᠠᠭ ᠨᠢ ᠰᠢᠮ᠎ᠡ ᠲᠡᠵᠢᠬᠡᠯ ᠡᠯᠪᠡᠭ ᠠᠭᠤᠯᠤᠭᠳᠠᠳᠠᠭ ᠢᠳᠡᠭᠡᠨ᠃ ᠲᠠᠪᠤᠰᠤᠯᠢᠭ ᠴᠢᠨᠡᠷ ᠲᠠᠢ᠂ ᠢᠳᠡᠭᠡᠨ ᠤᠮᠳᠠᠭᠠᠨ ᠤ ᠲᠡᠩᠴᠡᠭᠦᠷᠢᠰᠢᠯ ᠢ ᠠᠬᠢᠭᠤᠯᠳᠠᠭ᠂ ᠱᠤᠷᠠᠭ ᠵᠠᠮᠠᠭ ᠨᠢ ᠰᠠᠴᠤᠷᠠᠯᠳᠠ ᠶᠢ ᠰᠡᠷᠭᠡᠶᠢᠯᠡᠬᠦ ᠦᠢᠯᠡᠳᠦᠯ ᠲᠠᠢ᠃ ᠱᠤᠷᠠᠭ ᠵᠠᠮᠠᠭ ᠨᠢ ᠵᠢᠷᠦᠬᠡ ᠴᠢᠰᠤᠨ ᠰᠤᠳᠠᠯ ᠤᠨ ᠡᠪᠡᠳᠴᠢᠨ᠂ ᠴᠢᠰᠤᠨ ᠲᠠᠷᠤᠯᠳᠠ ᠦᠨᠳᠦᠷ᠂ ᠴᠢᠰᠤᠨ ᠦᠬᠡᠬᠦ ᠶᠡᠭᠡ ᠵᠡᠷᠭᠡ ᠶᠢ ᠪᠠᠭᠤᠷᠠᠭᠤᠯᠬᠤ ᠦᠢᠯᠡᠳᠦᠯ ᠲᠠᠢ᠃ ᠰᠢᠬᠢᠷ ᠰᠢᠵᠢᠩ ᠡᠪᠡᠳᠴᠢᠳᠡᠨ ᠤ ᠤᠭᠤᠷᠠᠭ᠂ ᠸᠢᠲ᠋ᠠᠮᠢᠨ ᠨᠢ ᠲᠤᠳᠠᠭᠳᠠᠵᠦ ᠴᠢᠰᠤᠨ ᠰᠢᠬᠢᠷ ᠨᠢ ᠲᠡᠩᠴᠡᠭᠦᠷᠢ ᠦᠭᠡᠢ ᠪᠠᠶᠢᠳᠠᠭ᠂ ᠱᠤᠷᠠᠭ ᠵᠠᠮᠠᠭ ᠲᠤ ᠨᠠᠪᠴᠢᠨ ᠤ ᠨᠤᠭᠤᠭᠠᠨ ᠡᠳ᠋ ᠭᠡᠳᠡᠭ ᠶᠠᠭᠤᠮ᠎ᠠ ᠪᠠᠶᠢᠵᠦ᠂ ᠤᠭᠤᠷᠠᠭ᠂ ᠸᠢᠲ᠋ᠠᠮᠢᠨ ᠢ ᠰᠢᠬᠢᠷ ᠰᠢᠵᠢᠩ ᠡᠪᠡᠳᠴᠢᠳᠡᠨ ᠳᠤ ᠨᠦᠬᠦᠪᠦᠷᠢᠯᠡᠵᠦ ᠦᠭᠳᠡᠭ ᠶᠤᠮ᠃ ᠬᠤᠳᠤᠭᠤᠳᠤᠨ ᠤ ᠦᠷᠪᠢᠰᠦᠯ ᠢ ᠲᠠᠷᠤᠵᠦ᠂ ᠬᠤᠳᠤᠭᠤᠳᠤᠨ ᠤ ᠦᠩᠭᠦᠷ ᠢ ᠠᠨᠠᠭᠠᠵᠦ᠂ ᠡᠯᠢᠭᠡ ᠶᠢ ᠲᠦᠯᠵᠢᠭᠦᠯᠳᠡᠭ ᠶᠤᠮ᠃ ᠡᠪᠡᠳᠴᠢᠨ ᠡᠰᠡᠷᠭᠦᠴᠡᠬᠦ ᠴᠢᠳᠠᠪᠤᠷᠢ ᠶᠢ ᠴᠦ ᠲᠡᠭᠡᠭᠰᠢᠯᠡᠭᠦᠯᠵᠦ ᠦᠭᠳᠡᠭ᠃      ᠢᠳᠡᠭᠡᠨ ᠤᠮᠳᠠᠭᠠᠨ ᠤ ᠪᠠᠷᠢᠮᠳᠠᠯᠠᠯ ᠢᠶᠠᠷ ᠪᠡᠶ᠎ᠡ ᠪᠠᠨ ᠰᠤᠪᠢᠯᠠᠬᠤ ᠳᠤ᠂ ᠲᠤᠯᠤᠭᠠᠨ ᠬᠤᠪᠢ ᠴᠠᠳᠴᠤ ᠶᠠᠪᠤᠭᠠᠷᠠᠢ᠃ ᠡᠪᠡᠳᠴᠢᠨ ᠦᠭᠡᠢ ᠪᠡᠶ᠎ᠡ ᠡᠷᠡᠭᠦᠯ ᠶᠠᠪᠤᠬᠤ ᠶᠢᠨ ᠨᠢᠭᠡ ᠠᠨᠢᠰᠤ ᠪᠤᠯᠳᠠᠭ ᠶᠤᠮ᠃ ᠨᠠᠢᠮᠠᠨ ᠬᠤᠪᠢ ᠴᠠᠳᠪᠠᠯ ᠬᠡᠳᠦᠷᠡᠳᠡᠯ᠎ᠡ ᠴᠠᠳᠤᠭᠰᠠᠨ ᠳᠤ ᠪᠠᠨ ᠤᠷᠤᠨ᠎ᠠ᠃ ᠠᠷᠪᠠᠨ ᠬᠤᠪᠢ ᠴᠠᠳᠪᠠᠯ᠂ ᠬᠤᠶᠠᠷ ᠬᠤᠪᠢ ᠬᠤᠭ ᠤᠨ ᠢᠳᠡᠭᠡᠨ ᠢᠳᠡᠭᠰᠡᠨ ᠲᠠᠢ ᠲᠡᠩᠴᠡᠨ᠎ᠡ᠃ ᠢᠳᠡᠭᠡᠨ ᠤ ᠬᠤᠯᠢᠴᠡ ᠳᠤ 4 ᠬᠤᠪᠢ ᠶᠢᠨ ᠪᠤᠳᠠᠭ᠎ᠠ᠂ 6 ᠬᠤᠪᠢ ᠶᠢᠨ ᠬᠤᠯᠢᠰᠢᠨ ᠢᠳᠡᠭᠡᠨ᠂ ᠪᠦᠳᠦᠬᠦᠯᠢᠭ ᠠᠮᠤ ᠨᠢ 6 ᠬᠤᠪᠢ ᠪᠤᠯ᠂ ᠨᠠᠷᠢᠯᠢᠭ ᠠᠮᠤ ᠨᠢ 4 ᠬᠤᠪᠢ᠂ ᠤᠷᠭᠤᠮᠠᠯ  ᠤᠨ ᠲᠦᠷᠦᠯ ᠨᠢ 6 ᠬᠤᠪᠢ ᠪᠤᠯ᠂ ᠠᠮᠢᠳᠠᠨ ᠤ ᠲᠦᠷᠦᠯ ᠨᠢ 4 ᠬᠤᠪᠢ ᠭᠡᠵᠦ ᠲᠡᠩᠴᠡᠭᠦᠯᠵᠦ ᠢᠳᠡᠵᠦ ᠪᠠᠶᠢᠪᠠᠯ ᠡᠷᠡᠭᠦᠯ ᠮᠡᠨᠳᠦ ᠳᠤ ᠶᠡᠬᠡᠳᠡ ᠲᠤᠰᠠᠯᠠᠨ᠎ᠠ᠃ ᠬᠦᠴᠢᠯᠳᠦ᠋ᠷᠦᠭᠴᠢᠳᠤ ᠬᠦᠳᠡᠯᠭᠡᠭᠡᠨ ᠢ ᠪᠠᠷᠢᠮᠳᠠᠯᠠᠨ᠎ᠠ᠂ ᠦᠷᠯᠦᠭᠡ ᠡᠷᠳᠡ ᠬᠦᠳᠡᠯᠭᠡᠭᠡᠨ ᠬᠢᠬᠦ ᠳᠤ ᠪᠠᠨ ᠰᠢᠷᠦᠭᠦᠨ ᠬᠦᠳᠡᠯᠭᠡᠭᠡᠨ ᠬᠢᠬᠦ ᠠᠴᠠ ᠵᠠᠶᠢᠯᠠᠰᠬᠢᠪᠡᠯ ᠵᠤᠬᠢᠨ᠎ᠠ᠂ ᠦᠷᠯᠦᠭᠡ ᠡᠷᠳᠡ ᠬᠦᠮᠦᠨ ᠤ ᠪᠡᠶ᠎ᠡ ᠶᠢᠨ ᠲᠤᠯᠠᠭᠠᠨ ᠦᠨᠳᠦᠷ᠂ ᠴᠢᠰᠤᠨ ᠲᠠᠷᠤᠯᠳᠠ ᠦᠨᠳᠦᠷ ᠪᠠᠶᠢᠳᠠᠭ ᠪᠤᠯᠬᠤᠷ᠂ ᠠᠮᠠᠷᠬᠠᠨ ᠵᠢᠷᠦᠬᠡᠨ ᠡᠪᠡᠳᠴᠢᠨ ᠬᠦᠳᠡᠯᠵᠦ᠂ ᠠᠮᠢ ᠨᠠᠰᠤᠨ ᠤ ᠠᠶᠤᠯ ᠭᠠᠷᠴᠤ ᠮᠡᠳᠡᠨ᠎ᠡ᠃ ᠦᠳᠡ ᠶᠢᠨ ᠬᠤᠶᠢᠨ᠎ᠠ ᠪᠤᠶᠤ ᠤᠷᠤᠢ ᠳᠤ ᠪᠠᠨ ᠲᠠᠮᠢᠷ ᠤᠨ ᠬᠦᠳᠡᠯᠭᠡᠭᠡᠨ ᠬᠢᠵᠦ ᠪᠤᠯᠪᠠᠰᠤᠷᠠᠬᠤ ᠶᠢ ᠪᠠᠷᠢᠮᠳᠠᠯᠠᠪᠠᠯ ᠰᠠᠶᠢᠨ᠃ ᠬᠤᠭᠤᠯᠠ ᠢᠳᠡᠭᠰᠡᠨ ᠤ ᠲᠠᠷᠠᠭ᠎ᠠ 45 ᠮᠢᠨᠦ᠋ᠲ ᠠᠴᠠ ᠡᠬᠢᠯᠡᠨ ᠬᠦᠳᠡᠯᠭᠡᠭᠡᠨ ᠬᠢᠬᠦ ᠶᠢ ᠪᠠᠷᠢᠮᠳᠠᠯᠠᠪᠠᠯ ᠦᠢᠯᠡᠳᠦᠯ ᠲᠤᠩ ᠰᠠᠶᠢᠨ᠃ ᠦᠷᠯᠦᠭᠡ ᠳᠤ ᠪᠠᠨ 6 ᠴᠠᠭ ᠲᠤ ᠪᠤᠰᠴᠤ᠂ 9— 11 ᠴᠠᠭ᠂ 14— 16 ᠴᠠᠭ ᠤᠨ ᠬᠤᠭᠤᠷᠤᠨᠳᠤ ᠴᠤᠩᠬᠤ ᠬᠠᠭᠠᠯᠭ᠎ᠠ ᠪᠠᠨ ᠨᠡᠬᠡᠭᠡᠵᠦ᠂ ᠠᠭᠠᠷ ᠵᠢᠪᠠᠷ ᠨᠡᠪᠳᠡᠷᠡᠭᠦᠯᠦᠨ ᠠᠭᠤᠷ ᠠᠮᠢᠰᠬᠤᠯ ᠤᠨ ᠰᠤᠯᠢᠭᠳᠠᠯ ᠬᠢᠯᠭᠡᠵᠦ ᠪᠠᠶᠢᠪᠠᠯ ᠲᠤᠩ ᠠᠴᠢ ᠲᠤᠰᠠ ᠲᠠᠢ᠃ ᠦᠳᠡ ᠳᠤ ᠤᠨᠳᠠᠬᠤ ᠲᠠᠳᠬᠠᠯ ᠲᠠᠢ ᠬᠦᠮᠦᠰ ᠨᠢᠭᠡ ᠴᠠᠭ ᠠᠴᠠ ᠬᠡᠳᠦᠷᠡᠬᠦᠦ ᠤᠨᠳᠠᠬᠤ ᠦᠭᠡᠢ ᠪᠤᠯ ᠰᠠᠶᠢᠨ᠃ ᠤᠷᠤᠢ ᠳᠤ ᠪᠠᠨ 22 ᠴᠠᠭ ᠪᠤᠶᠤ 22 ᠴᠠᠭ ᠬᠠᠭᠠᠰ ᠠᠴᠠ ᠡᠮᠦᠨ᠎ᠡ ᠤᠨᠳᠠᠬᠤ ᠶᠢ ᠪᠠᠷᠢᠮᠳᠠᠯᠠᠨ᠎ᠠ᠂ ᠤᠨᠳᠠᠬᠤ ᠠᠴᠠ ᠪᠠᠨ ᠡᠮᠦᠨ᠎ᠡ 40— 50 ᠭᠷᠠᠳᠦ᠋ᠰ ᠤᠨ ᠤᠰᠤ ᠪᠠᠷ ᠪᠡᠶ᠎ᠡ ᠪᠠᠨ ᠤᠬᠢᠶᠠᠭᠠᠳ ᠤᠨᠳᠠᠪᠠᠯ ᠰᠠᠶᠢᠨ ᠪᠠᠶᠢᠳᠠᠭ᠃ ᠲᠠᠮᠢᠷ ᠤᠨ ᠬᠦᠳᠡᠯᠭᠡᠭᠡᠨ ᠳᠤ᠂ ᠬᠠᠮᠤᠭ ᠰᠠᠶᠢᠨ ᠲᠠᠮᠢᠷ ᠤᠨ ᠬᠦᠳᠡᠯᠭᠡᠭᠡᠨ ᠪᠤᠯ ᠠᠯᠬᠤᠬᠤ ᠬᠦᠳᠡᠯᠭᠡᠭᠡᠨ ᠮᠦᠨ᠃ ᠰᠡᠳᠬᠢᠴᠡ ᠪᠠᠷ ᠪᠡᠶ᠎ᠡ ᠪᠠᠨ ᠰᠤᠪᠢᠯᠠᠬᠤ ᠳᠤ᠂ ᠰᠡᠳᠬᠢᠯ ᠰᠠᠨᠠᠭ᠎ᠠ ᠲᠠᠭᠠᠯᠠᠮᠵᠢ ᠦᠭᠡᠢ ᠪᠤᠯ ᠪᠡᠶ᠎ᠡ ᠲᠠᠮᠢᠷ ᠤᠨ ᠪᠤᠯᠪᠠᠰᠤᠷᠠᠯ ᠢ ᠬᠡᠳᠦᠢ ᠬᠢᠯ᠎ᠡ ᠭᠡᠳ ᠬᠤᠭᠤᠰᠤᠨ ᠪᠤᠯᠪᠠᠰᠤᠷᠠᠯ ᠲᠡᠳᠦ᠋ᠢᠯᠡ ᠭᠡᠳᠡᠭ ᠢ ᠤᠬᠠᠮᠰᠠᠷᠯᠠᠭᠠᠷᠠᠢ᠃ ᠰᠡᠳᠬᠢᠴᠡ ᠪᠠᠷ ᠪᠡᠶ᠎ᠡ ᠪᠠᠨ ᠰᠤᠪᠢᠯᠠᠬᠤ ᠳᠤ ᠶᠠᠭᠤᠨ ᠲᠡᠷᠢᠭᠦᠨ ᠳᠤ᠂ ᠰᠡᠳᠬᠢᠯᠭᠡ ᠶᠢᠨ ᠲᠡᠩᠴᠡᠭᠦᠷᠢ ᠶᠢ ᠲᠤᠭᠳᠠᠪᠤᠷᠢᠵᠢᠭᠤᠯᠬᠤ ᠬᠡᠷᠡᠭᠳᠡᠢ᠂ ᠠᠭᠤᠷ ᠬᠢᠯᠢᠩ ᠨᠢ ᠬᠤᠤᠷᠳᠤ ᠬᠠᠪᠤᠳᠠᠷ ᠢ ᠡᠭᠦᠰᠭᠡᠳᠡᠭ ᠶᠤᠮ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号