ᠮᠣᠩᠭᠤᠯ ᠦᠨᠳᠦᠰᠦᠲᠡᠨ ᠤ ᠴᠤᠭᠤᠷ ᠤᠷᠠᠯᠢᠭ ᠲᠤ ᠮᠣᠷᠢᠨ ᠬᠤᠭᠤᠷ ᠨᠢ ᠬᠦᠭᠵᠢᠮᠳᠡᠬᠦᠷ ᠤᠨ ᠴᠤᠭᠤᠷ ᠤᠨ | ᠣᠷᠭᠢᠯ ᠪᠤᠯᠵᠣ᠂ ᠢᠯᠠᠩᠭᠤᠶ᠎ᠠ ᠰ᠊᠂ ᠷᠠᠰᠢ᠂ ᠰᠠᠩᠳᠦ᠋ᠭᠦᠷᠡᠩ᠂ ᠴᠢ· ᠪᠤᠯᠠᠭ᠂ ᠪᠦᠷᠢᠨᠪᠠᠶᠠᠷ ᠪᠠ ᠳ᠋ᠠᠷᠮ᠎ᠠ ᠵᠡᠷᠭᠡ ᠠᠯᠢ | ᠣᠯᠠᠨ ᠰᠢᠯᠭᠠᠷᠠᠭᠰᠠᠨ ᠤᠷᠠᠯᠢᠭᠴᠢᠳ ᠤᠨ ᠰᠠᠶᠢᠵᠢᠷᠠᠭᠤᠯᠬᠤ ᠪᠠ ᠳᠡᠭᠡᠭᠰᠢᠯᠡᠭᠦᠯᠬᠦ ᠪᠠᠷ ᠳᠡᠮᠵᠢᠨ᠂ ᠡᠨᠡ ᠬᠦ | ᠬᠦᠭᠵᠢᠮᠳᠡᠬᠦᠷ ᠨᠢ ᠥᠷᠭᠡᠨ ᠳᠡᠯᠭᠡᠷ ᠲᠦᠭᠡᠮᠡᠯᠵᠢᠵᠦ᠂ ᠳᠡᠯᠡᠬᠡᠶ ᠶᠢᠨ ᠳᠠᠭᠤᠤ ᠬᠥᠭᠵᠢᠮ ᠤᠨ ᠤᠷᠠᠯᠢᠭ ᠤᠨ ᠤᠢ | ᠳᠣᠲᠣᠷᠠᠬᠢ ᠦᠨᠡᠲᠦ ᠡᠷᠳᠡᠨᠢ ᠪᠣᠯᠤᠭᠰᠠᠨ ᠪᠠᠶᠢᠨ᠎ᠠ᠃ ᠭᠡᠪᠡᠴᠦ ᠮᠣᠷᠢᠨ ᠬᠤᠭᠤᠷ ᠤᠨ ᠡᠭᠦᠰᠦᠯ ᠤᠨ ᠲᠤᠬᠠᠢ ᠡᠷᠳᠡᠮ | ᠰᠢᠨᠵᠢᠯᠡᠭᠡᠨ ᠤ ᠬᠢᠨ ᠶᠡᠷᠤᠨᠢ ᠨᠤᠲᠠᠯᠠᠯ ᠬᠢᠭᠡᠳᠦᠢ᠃ | ᠲᠠᠯ᠎ᠠ ᠨᠤᠲᠤᠭ ᠲᠤ ᠨᠢᠭᠡ ᠡᠷᠲᠡᠨ ᠤ ᠤᠯᠠᠮᠵᠢᠯᠠᠯ ᠶᠠᠷᠢᠶ᠎ᠠ ᠪᠠᠶᠢᠳᠠᠭ᠂ ᠬᠥᠮᠦᠰ ᠠᠶᠢᠷᠠᠭ ᠤᠨ ᠰᠢᠨᠠᠭ᠎ᠠ ᠶᠢ | ᠦᠬᠡᠷ ᠤᠨ ᠠᠷᠠᠰᠤ ᠪᠠᠷ ᠪᠦᠷᠢᠵᠦ᠂ ᠮᠣᠷᠢᠨ ᠰᠡᠬᠦᠯ ᠤᠨ ᠬᠢᠯᠭᠠᠰᠣ ᠪᠠᠷ ᠬᠤᠶᠠᠷ ᠬᠥᠪᠴᠢ ᠲᠠᠲᠠᠵᠤ ᠬᠥᠭᠵᠢᠮᠳᠡᠭᠦᠷ | ᠪᠣᠯᠭᠠᠨ ᠬᠦᠭᠵᠢᠮᠳᠡᠳᠡᠭ ᠢ ︽ᠰᠢᠨᠠᠭᠠᠨ ᠬᠤᠭᠤᠷ︾ ᠬᠡᠮᠡᠳᠡᠭ ᠪᠠᠶᠢᠪᠠ᠃ ᠮᠣᠷᠢᠨ ᠬᠤᠭᠤᠷ ᠪᠣᠯ 19 ᠳ᠋ᠦ᠋ᠭᠡᠷ ᠵᠠᠭᠤᠨ ᠤ | ᠰᠡᠭᠦᠯᠴᠢ ᠪᠠᠷ ᠰᠢᠨ᠎ᠡ ᠪᠠᠷ ᠮᠠᠨᠳᠤᠭᠰᠠᠨ ᠬᠥᠭᠵᠢᠮ ᠪᠣᠯᠤᠨ᠎ᠠ᠃ ᠲᠡᠭᠦᠨ ᠤ ᠪᠣᠢ ᠪᠣᠯᠣᠭᠰᠠᠨ ᠨᠢ ᠮᠥᠨ ᠴᠦ ᠤᠷᠳᠤ | ᠤᠳᠠᠭᠠᠨ ᠬᠥᠭᠵᠢᠯᠲᠡ ᠶᠢ ᠦᠩᠭᠡᠷᠡᠭᠡᠭᠰᠡᠨ ᠪᠦᠬᠡᠳ ᠡᠨᠡ ᠬᠦ ᠶᠠᠪᠤᠴᠠ ᠳᠠᠭᠠᠨ ᠤᠯᠠᠨ ᠡᠰᠢᠲᠦ ᠰᠣᠶᠣᠯ ᠤᠨ | ᠬᠦᠴᠦᠨ ᠵᠦᠶᠯ ᠤᠨ ᠨᠥᠯᠥᠭᠡ ᠶᠢ ᠣᠯᠤᠭᠰᠠᠨ ᠪᠠᠶᠢᠯ᠎ᠠ᠂ ᠡᠭᠦᠨ ᠳᠤ ᠡᠶᠢᠮᠣ ᠬᠡᠳᠦᠨ ᠵᠦᠶᠯ ᠤᠨ ᠬᠡᠯᠡᠯᠭᠡ ᠪᠠᠶᠢᠨ᠎ᠠ᠃ | ᠶᠠᠭᠤᠨ ᠤ ᠤᠷᠢᠳ ᠪᠠᠷᠠᠭᠤᠨ ᠠᠹᠷᠢᠺᠠ ᠶᠢᠨ ᠣᠷᠣᠨ ᠤ RITI ᠬᠥᠭᠵᠢᠮ ᠪᠣᠯᠤᠨ᠎ᠠ᠃ ᠡᠨᠡ ᠬᠦᠭᠵᠢᠮᠳᠡᠬᠦᠷ | ᠨᠢ ᠪᠠᠷᠠᠭᠤᠨ ᠠᠹᠷᠢᠺᠠ ᠶᠢᠨ ᠭᠠᠷᠠᠮ ᠤᠨ ᠬᠤᠲᠠ ᠳ᠋ᠠᠷᠺᠧᠯ ᠠᠴᠠ ᠢᠷᠡᠯ ᠲᠠᠢ᠂ ᠮᠣᠷᠢᠨ ᠰᠡᠭᠦᠯ ᠤᠨ ᠬᠢᠯᠭᠠᠰᠣ ᠪᠠᠷ | ᠬᠢᠭᠰᠡᠨ ᠭᠠᠭᠴᠠ ᠬᠥᠪᠴᠢ ᠲᠠᠢ᠂ ᠮᠣᠷᠢᠨ ᠰᠡᠭᠦᠯᠲᠦ ᠶᠠᠲᠤᠭ᠎ᠠ ᠶᠢᠨ ᠨᠤᠮᠤ ᠲᠠᠢ᠂ ᠶᠠᠲᠤᠭ᠎ᠠ ᠶᠢᠨ ᠬᠠᠶᠢᠷᠴᠠᠭ ᠢ | ᠠᠪᠤᠷᠭᠤ ᠮᠣᠭᠠᠶ ᠶᠢᠨ ᠠᠷᠠᠰᠤ ᠪᠠᠷ ᠪᠦᠷᠢᠵᠠᠢ᠃ ᠳᠠᠷᠠᠭᠠᠯᠠᠪᠠᠯ ᠠᠹᠷᠢᠺᠠ ᠲᠢᠪ ᠤᠨ ᠡᠸ᠋ᠽᠢᠣᠪᠢᠶ᠎ᠡ ᠶᠢᠨ | Masenqo ᠳᠤ ᠡᠨᠡ ᠬᠦ ᠬᠦᠭᠵᠢᠮᠳᠡᠬᠦᠷ ᠤᠨ ᠬᠠᠶᠢᠷᠴᠠᠭ ᠨᠢ ᠳᠥᠷᠪᠡᠯᠵᠢᠨ ᠬᠡᠯᠪᠡᠷᠢ ᠲᠠᠢ ᠪᠠᠶᠢᠵᠣ᠂ ᠨᠢᠭᠤᠷ ᠢ | ᠨᠢ ᠦᠬᠡᠷ ᠤᠨ ᠠᠷᠠᠰᠤ ᠪᠠᠷ ᠪᠦᠷᠢᠵᠦ᠂ ᠭᠠᠭᠴᠠ ᠴᠢᠪᠬᠠᠳᠠᠰᠤᠲᠠᠢ᠂ ᠬᠡᠪ ᠨᠠᠮᠪᠠ ᠨᠢ ᠲᠦᠪᠯᠡᠭᠦᠨ ᠮᠥᠷᠲᠡᠭᠡᠨ | ᠪᠣᠷᠣᠭᠵᠢᠭᠤᠨ᠃ ᠲᠠᠬᠢᠭᠠᠳ ᠬᠡᠯᠡᠪᠡᠯ᠂ ᠣᠳᠣᠬᠠᠨ ᠳᠤ ᠧᠦ᠋ᠷᠣᠫᠠ ᠲᠢᠪ ᠤᠨ ᠪᠠᠯᠺᠠᠨ ᠲᠠᠯ᠎ᠠ ᠨᠤᠲᠤᠭ ᠲᠤ ᠮᠥᠨ ᠯᠡ | ᠳᠡᠯᠭᠡᠷᠡᠵᠦ ᠪᠠᠶᠢᠭ᠎ᠠ ᠣᠯᠠᠮᠵᠢᠯᠠᠯᠳᠣ ᠭᠠᠭᠴᠠ ᠴᠢᠪᠬᠠᠳᠠᠰᠤᠲᠤ ᠬᠦᠭᠵᠢᠮᠳᠡᠬᠦᠷ Gusle ︵ᠺᠷᠤᠲ᠋ᠢᠶ᠎ᠠ ᠬᠡᠯᠡ︶ | ᠪᠤᠯᠤᠨ᠎ᠠ᠃ Gusle ᠶᠢ ᠶᠡᠷᠦ ᠳᠡᠭᠡᠨ ᠠᠷᠠᠳ ᠤᠨ ᠳᠠᠭᠤᠤ ᠪᠤᠶᠤ ᠲᠤᠤᠯᠢᠰ ᠬᠠᠪᠰᠤᠷᠤᠨ ᠬᠥᠭᠵᠢᠮᠳᠡᠬᠦ ᠳᠤ | ᠬᠡᠷᠡᠭᠯᠡᠳᠡᠭ᠃ ᠬᠥᠭᠵᠢᠮᠳᠡᠬᠦ ᠦᠶ᠎ᠡ ᠳᠤ᠂ ᠬᠥᠭᠵᠢᠮᠳᠡᠭᠦᠷ ᠢᠶᠠᠨ ᠬᠤᠶᠠᠷ ᠡᠪᠦᠳᠦᠭ ᠤᠨ ᠳᠤᠮᠳᠠ ᠠᠰᠬᠠᠨ ᠬᠠᠪᠴᠢᠵᠤ᠂ | ᠵᠡᠭᠦᠨ ᠭᠠᠷ ᠤᠨ ᠬᠤᠷᠤᠭᠤ ᠪᠠᠷ ᠢᠶᠠᠨ ᠴᠢᠪᠬᠠᠳᠠᠬᠤ ᠪᠣᠯᠪᠠᠴᠤ ᠶᠠᠲᠤᠭ᠎ᠠ ᠶᠢᠨ ᠬᠥᠪᠴᠢ ᠨᠢ ᠶᠡᠷᠦ ᠠᠴᠠ ᠶᠠᠲᠤᠭ᠎ᠠ | ᠶᠢᠨ ᠬᠦᠵᠦᠭᠦᠦ ᠲᠠᠢ ᠣᠶᠢᠷᠠᠳᠳᠠᠭ ᠦᠭᠡᠶ᠃ | ᠳᠡᠭᠡᠷᠡᠬᠢ 3 ᠵᠦᠢᠯ ᠤᠨ ᠭᠠᠭᠴᠠ ᠴᠢᠪᠬᠠᠳᠠᠰᠤᠲᠤ ᠬᠦᠭᠵᠢᠮᠳᠡᠬᠦᠷ ᠲᠠᠢ ᠬᠠᠮᠤᠭ ᠤᠨ ᠲᠥᠰᠦᠭᠡᠲᠡᠢ | ᠬᠦᠭᠵᠢᠮᠳᠡᠬᠦᠷ ᠪᠣᠯ Suhun khuuur ︵ᠰᠦᠬᠡᠨ ᠬᠤᠭᠤᠷ︶ ᠪᠣᠯᠤᠨ᠎ᠠ᠃ ᠡᠨᠡ ᠪᠣᠯ ᠮᠣᠩᠭᠤᠯ ᠦᠨᠳᠦᠰᠦᠲᠡᠨ | ᠤ ᠡᠷᠲᠡᠨ ᠤ ᠭᠠᠭᠴᠠ ᠴᠢᠪᠬᠠᠳᠠᠰᠤᠲᠤ ᠱᠦᠷᠭᠦᠭᠦᠯ ᠬᠥᠭᠵᠢᠮᠳᠡᠭᠦᠷ ᠪᠣᠯᠤᠨ᠎ᠠ᠃ ᠲᠡᠷᠡ ᠨᠢ ᠪᠤᠬ᠎ᠠ ᠶᠢᠨ ᠰᠦᠬᠡ | ︵ᠪᠤᠷᠢᠶᠠᠳ ᠨᠤᠲᠤᠭ ᠤᠨ ᠠᠶᠠᠯᠭᠤ᠂ ᠳᠠᠪᠤᠰᠠᠩ ᠤᠨ ᠤᠭᠤᠲᠠ ᠭᠡᠰᠡᠨ ᠤᠳᠬ᠎ᠠ ᠲᠠᠢ︶ ᠪᠠᠷ ᠨᠢᠭᠤᠷ ᠢ ᠨᠢ ᠪᠦᠷᠢᠵᠦ᠂ | ᠮᠣᠷᠢᠨ ᠰᠡᠭᠦᠯ ᠤᠨ ᠬᠢᠯᠭᠠᠰᠣ ᠪᠠᠷ ᠶᠠᠲᠤᠭ᠎ᠠ ᠶᠢᠨ ᠬᠥᠪᠴᠢ ᠬᠢᠵᠦ᠂ ᠬᠥᠭᠵᠢᠮᠳᠡᠬᠦ ᠳᠡᠭᠡᠨ ᠭᠠᠵᠠᠷ ᠰᠠᠭᠤᠭ᠎ᠠ ᠬᠡᠯᠪᠡᠷᠢ | ᠪᠠᠷ ᠬᠥᠪᠴᠢ ᠪᠠᠨ ᠲᠠᠪᠤᠨ ᠬᠤᠷᠤᠭᠤ ᠪᠠᠷ ᠢᠶᠠᠨ ᠴᠢᠯᠥᠭᠡᠲᠡᠶ ᠳᠠᠷᠤᠳᠠᠭ᠃ ᠮᠣᠷᠢᠨ ᠬᠤᠭᠤᠷ ᠬᠥᠭᠵᠢᠯ ᠤᠨ ᠲᠡᠤᠬᠡ | ᠪᠠᠨ ᠪᠢᠴᠢᠭᠯᠡᠵᠦ᠂ ᠮᠣᠷᠢᠨ ᠬᠤᠭᠤᠷ ᠤᠨ ᠲᠠᠭᠤᠨ ᠲᠡᠦᠬᠡ ᠶᠢᠨ ᠣᠭᠲᠠᠷᠭᠤᠢ ᠶᠢᠨ ᠴᠡᠭᠡᠯ ᠳᠤ ᠴᠤᠤᠷᠢᠶᠠᠲᠤᠵᠤ᠂ | ᠲᠤᠷᠠᠰᠬᠤ ᠲᠤᠰᠤᠮ ᠬᠥᠮᠦᠰ ᠤᠨ ᠰᠣᠨᠢᠷᠬᠠᠯ ᠢ ᠲᠠᠲᠠᠮ᠎ᠠ ᠰᠠᠶᠢᠬᠠᠨ᠃ |