14. ᠪᠡᠶ᠎ᠡ ᠪᠠᠭᠠᠲᠤᠷ ᠪᠣᠯᠪᠠᠰᠤ ᠨᠢᠭᠡᠨ ᠦᠶ᠎ᠡ ᠶᠢᠨ ᠪᠠᠭᠠᠲᠤᠷ᠂ ᠪᠢᠯᠢᠭ ᠪᠠᠭᠠᠲᠤᠷ ᠪᠣᠯᠪᠠᠰᠤ ᠲᠥᠮᠡᠨ | ᠦᠶ᠎ᠡ ᠶᠢᠨ ᠪᠠᠭᠠᠲᠤᠷ ᠪᠤᠶᠤ᠃ | 15.ᠡᠮᠡᠭᠡᠯ ᠶᠡᠬᠡᠳᠡᠪᠡᠯ ᠲᠣᠬᠤᠭᠰᠠᠨ ᠮᠣᠷᠢᠨ ᠳᠤ ᠵᠣᠪᠠᠯᠠᠩ ᠪᠣᠯᠣᠨ᠎ᠠ᠂ ᠶᠠᠩᠵᠤ ᠶᠡᠬᠡᠳᠡᠪᠡᠯ ᠤᠯᠤᠰ ᠤᠨ | ᠲᠣᠲᠣᠷ᠎ᠠ ᠵᠦᠳᠡᠭᠦᠷᠢ ᠪᠣᠯᠣᠨ᠎ᠠ᠃ ᠡᠷᠬᠢᠮ ᠶᠡᠬᠡᠳᠡᠪᠡᠯ ᠬᠦᠮᠦᠨ ᠤ ᠰᠡᠳᠭᠢᠯ ᠣᠰᠣᠯᠳᠠᠬᠤ ᠪᠣᠯᠣᠨ᠎ᠠ᠃ ᠡᠶᠢᠮᠦ ᠠᠴᠠ | ᠬᠤᠭᠤᠰᠣᠨ ᠰᠦᠷ᠂ ᠢᠯᠡᠭᠦᠦ ᠶᠠᠩᠵᠤ ᠮᠠᠶ᠋ᠢᠭ ᠶᠣᠰᠣᠯᠠᠯ ᠤᠨ ᠬᠡᠷᠡᠭ ᠭᠡᠵᠦ ᠦᠭᠡᠢ᠃ | 16.ᠬᠡᠲᠦᠷᠬᠡᠢ ᠶᠡᠭᠡ ᠶᠣᠰᠣᠯᠠᠯ ᠡᠭᠡᠯ ᠠᠷᠠᠳ ᠲᠤ ᠴᠢᠷᠦᠭᠳᠡᠯ ᠤᠴᠠᠷᠠᠭᠤᠯᠵᠤ᠂ ᠳᠡᠪᠡᠯ ᠭᠤᠶᠣᠯᠠᠯ ᠶᠡᠬᠡᠳᠡᠪᠡᠯ | ᠡᠮᠦᠰᠦᠭᠰᠡᠨ ᠬᠦᠮᠦᠨ ᠳᠤ ᠢᠯᠡᠭᠦᠦ ᠠᠴᠢᠶ᠎ᠠ ᠪᠣᠯᠬᠤ ᠲᠠᠢ ᠠᠳᠠᠯᠢ ᠶᠣᠰᠤ ᠶᠤ᠋᠃ | 17.ᠲᠥᠷᠦ ᠶᠢᠨ ᠬᠡᠷᠡᠭ ᠲᠤ ᠬᠤᠭᠤᠰᠤᠨ ᠬᠤᠳᠠᠯ ᠶᠣᠰᠤ ᠲᠥᠷᠢᠮ ᠬᠡᠲᠦᠷᠡᠭᠰᠡᠨ ᠠᠴᠠ ᠠᠷᠠᠳ ᠢᠷᠭᠡᠳ ᠨᠢ | ᠡᠵᠡᠨ ᠳᠡᠭᠡᠳᠦᠰ ᠯᠦᠭᠡ ᠨᠡᠪᠲᠡᠷᠡᠵᠦ ᠴᠢᠳᠠᠬᠤ ᠦᠭᠡᠢ ᠪᠣᠯᠵᠤ᠂ ᠵᠠᠯᠢᠬᠠᠢ ᠰᠠᠶᠢᠳ ᠲᠦᠰᠢᠮᠡᠳ ᠨᠢ ᠵᠠᠪᠰᠠᠷ ᠲᠤ ᠨᠢ | ᠵᠠᠪᠰᠢᠵᠤ᠂ ᠲᠥᠷᠦ ᠤᠯᠤᠰ ᠢ ᠪᠤᠰᠠᠨᠢᠭᠤᠯᠤᠨ᠎ᠠ᠃ | 18.ᠵᠢᠳᠭᠦᠯ ᠲᠡᠮᠡᠴᠡᠯ ᠢ ᠦᠨᠡᠯᠡᠵᠦ ᠮᠡᠳᠡᠬᠦ ᠦᠭᠡᠢ ᠬᠠᠷᠠᠩᠭᠤᠢ ᠡᠵᠡᠨ ᠤ ᠡᠮᠦᠨ᠎ᠡ ᠪᠥᠬᠦᠶᠢᠬᠦ ᠬᠡᠷᠡᠭ ᠦᠭᠡᠢ᠃ | 19.ᠵᠦᠪ ᠢ ᠪᠠᠷᠢᠮᠲᠠᠯᠠᠵᠤ᠂ ᠦᠨᠡᠨ ᠢ ᠳᠡᠮᠵᠢᠨ᠂ ᠲᠥᠷᠦ ᠤᠯᠤᠰ ᠢ ᠵᠠᠰᠠᠬᠤ ᠶᠢᠨ ᠲᠦᠯᠦᠭᠡ ᠲᠡᠮᠡᠴᠡᠭᠴᠢ | ᠰᠠᠶᠢᠨ ᠬᠦᠮᠦᠨ ᠬᠠᠷᠠᠩᠭᠤᠢ ᠮᠠᠭᠤ ᠡᠵᠡᠨ ᠲᠠᠢ ᠪᠣᠯ ᠳᠠᠩᠴᠤ ᠬᠠᠶᠢᠷᠠᠨ ᠪᠣᠯᠣᠨ᠎ᠠ᠃ | 20.ᠬᠡᠷᠪᠡ ᠨᠢᠭᠤᠷ ᠳᠡᠭᠡᠷ᠎ᠡ ᠳᠠᠭᠠᠭᠰᠠᠨ ᠳᠥᠷᠢ ᠦᠵᠡᠭᠦᠯᠵᠦ᠂ ᠲᠣᠲᠣᠷ᠎ᠠ ᠪᠠᠨ ᠡᠰᠡᠷᠭᠦᠴᠡᠳᠡᠭ ᠬᠦᠮᠦᠨ᠂ | ᠤᠰᠤᠨ ᠳᠤ ᠬᠠᠶᠠᠭᠰᠠᠨ ᠴᠢᠯᠠᠭᠤ᠂ ᠡᠪᠡᠰᠦᠨ ᠳᠤ ᠲᠤᠰᠤᠭᠰᠠᠨ ᠰᠤᠮᠤᠨ ᠤ ᠠᠳᠠᠯᠢ ᠲᠤᠯᠠ ᠲᠡᠶᠢᠮᠦ ᠬᠦᠮᠦᠨ ᠢᠶᠠᠷ | ᠵᠠᠬᠢᠷᠤᠭᠴᠢ ᠲᠠᠯᠪᠢᠵᠤ᠂ ᠣᠯᠠᠨ ᠤ ᠳᠡᠭᠡᠷ᠎ᠡ ᠭᠠᠷᠭᠠᠵᠤ ᠪᠣᠯᠬᠤ ᠦᠭᠡᠢ᠃ | 21.ᠭᠡᠷ ᠢᠶᠠᠨ ᠵᠠᠰᠠᠵᠤ ᠴᠢᠳᠠᠭᠰᠠᠳ ᠤᠯᠤᠰ ᠢᠶᠠᠨ ᠵᠠᠰᠠᠵᠤ ᠴᠢᠳᠠᠨ᠎ᠠ᠂ ᠥᠪᠡᠷ ᠢ ᠪᠠᠨ ᠵᠠᠬᠢᠷᠴᠤ ᠴᠢᠳᠠᠳᠠᠭ | ᠦᠭᠡᠢ ᠬᠦᠮᠦᠨ ᠪᠣᠰᠣᠳ ᠢ ᠵᠠᠬᠢᠷᠴᠤ ᠴᠢᠳᠠᠬᠤ ᠦᠭᠡᠢ᠃ | 22.ᠰᠠᠷᠠᠭᠤᠯ ᠤᠬᠠᠭᠠᠨ ᠠᠴᠠ ᠢᠯᠡᠭᠦᠦ ᠰᠠᠶᠢᠨ ᠨᠦᠬᠦᠷ ᠪᠠᠶᠢᠳᠠᠭ ᠦᠭᠡᠢ᠂ ᠮᠤᠩᠬᠠᠭ ᠬᠢᠯᠢᠩ ᠠᠴᠠ ᠢᠯᠡᠭᠦᠦ | ᠮᠠᠭᠤ ᠳᠠᠶᠢᠰᠤᠨ ᠪᠠᠶᠢᠳᠠᠭ ᠦᠭᠡᠢ᠃ | 23.ᠬᠠᠶᠢᠷᠠᠯᠠᠬᠤ ᠶᠠᠭᠤᠮ᠎ᠠ ᠣᠯᠠᠨ ᠪᠣᠯᠪᠠᠴᠤ ᠬᠠᠯᠠᠭᠤᠨ ᠠᠮᠢ ᠶᠢ ᠬᠠᠮᠤᠭ ᠠᠴᠠ ᠢᠯᠡᠭᠦᠦ ᠬᠠᠶᠢᠷᠠᠯᠠ᠃ | 24.ᠬᠠᠲᠠᠭᠤᠵᠢᠵᠤ ᠶᠠᠪᠤᠪᠠᠯ ᠬᠠᠮᠤᠭ ᠠᠴᠠ ᠲᠤᠰᠠᠲᠠᠢ᠂ ᠠᠷᠢᠭᠤᠨ ᠶᠠᠪᠤᠪᠠᠯ ᠠᠰᠢᠳᠠ ᠲᠤᠰᠠᠲᠠᠢ᠃ | 25.ᠶᠠᠳᠠᠷᠠᠵᠤ ᠶᠠᠪᠤᠬᠤ ᠳᠤ ᠠᠰᠠᠷᠠᠵᠤ ᠲᠡᠳᠬᠦᠭᠰᠡᠨ᠂ ᠠᠪᠤᠷᠠᠵᠤ ᠦᠰᠭᠡᠭᠰᠡᠨ ᠬᠦᠮᠦᠨ ᠠᠴᠠ ᠶᠠᠭᠤ | ᠪᠦᠬᠦᠨ ᠢᠶᠠᠨ ᠴᠦ ᠪᠢᠲᠡᠬᠡᠢ ᠬᠠᠷᠠᠮᠯᠠ᠂ ᠪᠢᠲᠡᠬᠡᠢ ᠬᠠᠶᠢᠷᠠᠯᠠ᠃ | 26.ᠰᠢᠯᠤᠭᠤᠨ ᠰᠢᠳᠤᠷᠭᠤ᠂ ᠰᠡᠴᠡᠨ ᠤᠬᠠᠭᠠᠨ ᠲᠠᠢ᠂ ᠴᠢᠳᠠᠯ ᠡᠷᠳᠡᠮ ᠲᠠᠢ ᠶᠢ ᠬᠦᠨᠳᠦᠯᠡᠵᠦ ᠪᠠᠢ᠃ |