ᠠᠮᠢᠳᠠᠨ ᠢᠶᠠᠷ ᠭᠦᠮᠣᠨ ᠢ ᠲᠦᠷᠰᠦᠯᠡᠭᠰᠡᠨ ᠦᠭᠡᠰ ᠤᠨ ᠣᠷᠴᠢᠭᠤᠯᠭ᠎ᠠ
ᠨᠡᠶᠢᠲᠡᠯᠡᠭᠰᠡᠨ ᠴᠠᠭ᠄
2023/7/10
     ᠡᠷᠳᠡᠨ ᠤ ᠭᠧᠷᠢᠭ ᠤᠨ ᠦᠯᠢᠬᠡᠷ ᠲᠤ ᠵᠸᠦ᠋ᠰ ᠤᠨ ᠵᠠᠷᠯᠢᠭ ᠪᠠᠷ ᠫᠷᠣᠮᠧᠲᠾᠦ᠋ᠰ ᠭᠦᠮᠣᠨ ᠢ ᠵᠣᠬᠢᠶᠠᠭᠰᠠᠨ ᠤ ᠲᠠᠷᠠᠭ᠎ᠠ᠂ ᠭᠦᠮᠣᠨ ᠪᠣᠯᠭᠠᠨ ᠤ ᠭᠦᠵᠦᠭᠦᠨ ᠳᠤ ᠬᠤᠶᠠᠷ ᠪᠣᠭᠴᠣ ᠲᠡᠭᠦᠵᠢᠯᠡᠯ᠎ᠡ ᠬᠡᠳᠡᠭ᠃ ᠨᠢᠬᠡ ᠪᠣᠭᠴᠣᠨ ᠳᠤ ᠨᠢ ᠦᠪᠡᠷ ᠤᠨ ᠬᠢᠨ ᠬᠡᠮ ᠢ ᠰᠠᠪᠠᠯᠠᠵᠣ᠂ ᠨᠦᠭᠦᠬᠡ ᠪᠣᠭᠴᠣᠨ ᠳᠤ ᠨᠢ ᠪᠣᠰᠣᠳ ᠤᠨ ᠬᠡᠮ ᠢ ᠰᠠᠪᠠᠯᠠᠵᠣ ᠪᠠᠶᠢᠳᠠᠭ ᠬᠡᠨ᠎ᠡ᠃      ᠭᠦᠮᠦᠨ ᠲᠦᠷᠦᠯᠬᠢᠳᠡᠨ ᠪᠦᠳᠦᠬᠡᠭᠰᠡᠨ ᠪᠣᠷᠬᠠᠨ ᠤ ᠪᠠᠨ ᠵᠠᠷᠯᠢᠭ ᠠᠴᠠ ᠲᠡᠷᠰᠡᠯᠡᠵᠣ ᠪᠣᠯᠳᠠᠭ ᠦᠬᠡᠢ ᠬᠡᠨ᠎ᠡ᠃ ᠲᠡᠳᠡ ᠡᠨᠡ ᠬᠤᠶᠠᠷ ᠪᠣᠭᠴᠣ ᠶᠢ ᠶᠠᠭᠠᠬᠢᠵᠣ ᠲᠣᠬᠢᠷᠠᠭᠤᠯᠬᠤ ᠪᠠᠨ ᠣᠯᠵᠣ ᠶᠠᠳᠠᠨ ᠵᠣᠪᠠᠵᠠᠭᠠᠭᠰᠠᠨ ᠪᠣᠯᠪᠠᠴᠣ ᠬᠤᠵᠢᠮ ᠨᠢ ᠨᠢᠬᠡ ᠮᠡᠷᠬᠡᠨ ᠠᠷᠭ᠎ᠠ ᠪᠣᠳᠣᠵᠣ ᠣᠯᠵᠡᠢ᠃ ᠲᠡᠳᠡ ᠪᠣᠰᠣᠳ ᠤᠨ ᠡᠮᠵᠡᠭ ᠰᠠᠪᠠᠯᠠᠭᠰᠠᠨ ᠪᠣᠭᠴᠣ ᠶᠢ ᠡᠩᠬᠡᠷ ᠲᠤ ᠪᠠᠨ ᠵᠡᠭᠦᠵᠤ᠂ ᠦᠪᠡᠷ ᠤᠨ ᠡᠮᠵᠡᠭ ᠰᠠᠪᠠᠯᠠᠭᠰᠠᠨ ᠪᠣᠭᠴᠣ ᠪᠠᠨ ᠨᠢᠷᠦᠭᠤᠨ ᠳᠤ ᠪᠠᠨ ᠡᠭᠦᠷᠭᠦ ᠪᠠᠷ ᠪᠣᠯᠣᠭᠰᠠᠨ ᠬᠡᠨ᠎ᠡ᠃      ᠡᠶᠢᠨᠭᠦ ᠭᠦᠮᠦᠰ ᠬᠠᠷᠢᠯᠴᠠᠨ ᠵᠣᠯᠭᠠᠬᠤ ᠳᠤ ᠪᠠᠨ ᠪᠣᠰᠣᠳ ᠤᠨ ᠡᠮᠵᠡᠭ ᠢ ᠠᠯᠠᠭᠠᠨ ᠵᠢᠷᠦᠭᠠᠰᠦ ᠰᠢᠭ ᠢᠶᠠᠨ ᠠᠮᠣᠷᠬᠠᠨ ᠲᠠᠨᠢᠬᠤ ᠪᠣᠯᠵᠡᠢ᠃ ᠬᠡᠪᠡᠴᠣ ᠬᠠᠮᠤᠭ ᠤᠨ ᠶᠡᠭᠡ ᠰᠡᠭᠦᠳᠡᠷᠳᠦ ᠣᠴᠢᠷ ᠬᠡᠪᠡᠯ ᠭᠦᠮᠦᠨ ᠦᠪᠡᠷ ᠤᠨ ᠬᠡᠮ ᠢᠶᠠᠨ ᠮᠡᠳᠡᠭᠦ ᠦᠬᠡᠢ ᠪᠣᠯᠪᠠ᠃ ᠲᠡᠮᠡᠭᠡ ᠬᠡᠳᠡᠬᠡᠷ ᠢᠶᠠᠨ ᠮᠡᠳᠡᠭᠦ ᠦᠬᠡᠢ᠂ ᠭᠦᠮᠦᠨ ᠬᠡᠮ ᠢᠶᠠᠨ ᠮᠡᠳᠡᠭᠦ ᠬᠡᠰᠡᠨ ᠶᠠᠭᠤᠮ᠎ᠠ ᠢᠩᠬᠢᠵᠣ ᠡᠬᠢᠯᠡᠵᠡᠢ᠃      ᠪᠣᠰᠣᠳ ᠤᠨ ᠡᠳᠡᠬᠡᠷ ᠬᠡᠮ ᠢ ᠬᠠᠷᠢᠨ ᠪᠦᠷᠢᠮᠦᠰᠦᠨ ᠮᠠᠯ ᠠᠳᠣᠭᠤᠰᠣ ᠪᠣᠶᠣ ᠪᠣᠰᠣᠳ ᠵᠣᠶᠢᠯ ᠢᠶᠠᠷ ᠣᠷᠣᠯᠠᠭᠤᠯᠵᠣ᠂ ᠭᠦᠮᠣᠨ ᠤ ᠵᠠᠩ ᠴᠢᠨᠠᠷ ᠢ ᠲᠦᠷᠰᠦᠯᠡᠭᠰᠡᠨ ᠦᠪᠡᠷᠮᠢᠴᠡ ᠬᠡᠯᠡᠯᠬᠡ ᠪᠣᠯᠭᠠᠭᠰᠠᠨ ᠪᠠᠶᠢᠨ᠎ᠠ᠃ ᠲᠡᠷᠡᠴᠢᠯᠡᠨ ᠲᠣᠪᠴᠢ ᠠᠪᠰᠣᠷᠬᠠᠨ ᠭᠤᠷᠪᠠᠨ ᠦᠰᠦᠭ ᠢᠶᠠᠷ ᠪᠦᠷᠢᠯᠳᠦᠳᠡᠭ᠃ ᠬᠡᠳᠦᠨ ᠵᠢᠱᠢᠶ᠎ᠡ ᠣᠯᠵᠣ ᠰᠣᠨᠢᠷᠬᠠᠶ᠎ᠠ᠄      ᠨᠢᠬᠡ᠂ 笑面虎 — ᠭᠦᠮᠣᠨ  ᠤ ᠡᠷᠢᠶᠡᠨ ᠲᠣᠳᠦᠷ᠎ᠡ ᠪᠠᠨ ᠮᠣᠭᠠᠢ ᠶᠢᠨ ᠡᠷᠢᠶᠡᠨ ᠭᠠᠳᠠᠨ᠎ᠠ ᠪᠠᠨ ᠬᠡᠰᠡᠨ ᠮᠣᠩᠭᠤᠯ ᠬᠡᠯᠡᠴᠡ ᠲᠠᠢ ᠣᠶᠢᠷᠠᠳᠣᠨ᠎ᠡ᠃ ᠦᠩᠬᠡᠨ ᠲᠠᠯ᠎ᠠ ᠳᠤ ᠪᠠᠨ‌ᠡᠶᠡᠯᠰᠡᠭ ᠮᠡᠳᠦ ᠠᠭᠠᠰᠢᠯᠠᠵᠣ᠂ ᠠᠷᠣ ᠬᠤᠶᠢᠨ᠎ᠠ ᠠᠴᠠ ᠴᠢᠨᠢ ᠬᠠᠷᠠᠳᠡᠢ ᠣᠷᠣᠳᠠᠭ ᠮᠠᠭᠤ ᠭᠦᠮᠣᠨ ᠢ ᠬᠡᠯᠡᠨ᠎ᠡ᠃      ᠬᠤᠶᠠᠷ᠂ 铁公鸡 — ᠦᠷᠦᠬᠡᠰᠦᠨ ᠦᠳᠦ ᠴᠣ᠋ ᠵᠣᠮᠠᠭᠠᠵᠣ ᠣᠯᠳᠠᠬᠤ ᠦᠬᠡᠢ ᠬᠡᠰᠡᠨ ᠰᠠᠨᠠᠭ᠎ᠠ  ᠲᠠᠢ ᠦᠬᠡ ᠪᠣᠯᠣᠨ᠎ᠡ᠃ ᠪᠠᠭᠠᠰᠦ ᠨᠢ ᠬᠠᠳᠠᠭᠰᠠᠨ᠂ ᠬᠢᠮᠣᠰᠦ ᠨᠢ ᠬᠠᠳᠠᠭᠰᠠᠨ ᠬᠡᠰᠡᠨ ᠣᠬᠠᠭᠠᠨ ᠲᠠᠢ ᠮᠣᠩᠭᠤᠯ ᠬᠡᠯᠡᠯᠬᠡ ᠲᠠᠢ ᠣᠶᠢᠷᠠᠳᠦᠨ᠎ᠡ᠃ ᠠᠮᠢᠳᠦᠷᠠᠯ ᠲᠣᠮᠳᠠ ᠪᠠᠨ ᠬᠠᠷᠠᠮᠴᠢ ᠪᠣᠶᠣ ᠨᠠᠷᠢᠨ ᠵᠠᠩ ᠲᠠᠢ ᠭᠦᠮᠣᠨ ᠢ ᠬᠡᠯᠡᠨ᠎ᠡ᠃      ᠭᠤᠷᠪᠠ᠂ 变色龙 — ᠣᠯᠠᠭᠠᠨ ᠢ ᠦᠵᠡᠪᠡᠯ ᠣᠷᠪᠠᠭ᠋ᠣ᠂ ᠰᠢᠷ᠎ᠠ ᠶᠢ ᠦᠵᠡᠪᠡᠯ ᠰᠢᠷᠪᠠᠭ᠋ᠣ ᠬᠡᠰᠡᠨ ᠮᠣᠩᠭᠤᠯ ᠬᠡᠯᠡᠴᠡ ᠲᠠᠢ ᠣᠶᠢᠷᠠᠳᠦᠨ᠎ᠡ᠃ ᠵᠠᠷᠴᠢᠮ ᠵᠣᠭᠰᠦᠯᠳᠠ ᠦᠬᠡᠢ᠂ ᠨᠣᠮᠣᠬᠠᠨ ᠢ ᠲᠠᠷᠣᠯᠠᠵᠣ᠂ ᠭᠦᠴᠦᠷᠬᠡᠭ ᠢ ᠪᠢᠯᠳᠠᠣᠴᠢᠯᠠᠬᠤ ᠵᠠᠩ ᠲᠠᠢ ᠭᠦᠮᠣᠨ ᠢ ᠬᠡᠯᠡᠨ᠎ᠡ᠃ ᠭᠦᠷᠪᠠᠯ ᠬᠡᠳᠡᠭ ᠠᠮᠢᠳᠠᠨ ᠢ ᠵᠢᠭᠠᠵᠣ ᠪᠠᠶᠢᠨ᠋᠃      ᠲᠦᠷᠪᠡ  墙头草 — ᠮᠣᠩᠭᠤᠯ ᠢᠶᠠᠷ ᠴᠠᠮᠪᠠᠨ ᠲᠡᠬᠡᠷ᠎ᠡ ᠣᠷᠭᠤᠭᠰᠠᠨ ᠴᠠᠭ᠎ᠠ ᠡᠪᠡᠰᠦ ᠬᠡᠳᠡᠭ᠃ ᠪᠣᠳᠣᠯ ᠵᠣᠭᠰᠣᠯᠳᠠ ᠦᠬᠡᠢ ᠨᠠᠶᠢᠭᠤᠮᠳᠠᠭᠠᠢ ᠵᠠᠩ ᠲᠠᠢ ᠭᠦᠮᠣᠨ ᠢ ᠬᠡᠯᠡᠨ᠎ᠡ᠃      ᠲᠠᠪᠤ᠂ 落水狗 — ᠣᠰᠣᠨ ᠳᠤ ᠣᠷᠣᠭᠰᠠᠨ ᠬᠤᠯᠣᠭᠠᠨ᠎ᠠ ᠬᠡᠰᠡᠨ ᠮᠣᠩᠭᠤᠯ ᠦᠬᠡ ᠲᠠᠢ ᠣᠶᠢᠷᠠᠯᠴᠠᠭ᠎ᠠ᠂ ᠮᠣᠩᠭᠤᠯᠴᠣᠳ ᠬᠡᠷ ᠤᠨ ᠲᠡᠵᠢᠬᠡᠪᠣᠷᠢ ᠪᠣᠯᠬᠤ ᠨᠣᠬᠠᠢ ᠳᠤ ᠪᠠᠨ ᠬᠠᠶᠢᠷᠠᠳᠡᠢ ᠪᠣᠯᠬᠤᠷ ᠬᠤᠯᠣᠭᠠᠨ᠎ᠠ ᠬᠡᠵᠡᠢ᠃ ᠲᠠᠪᠠᠭᠤ ᠪᠠᠶᠢᠷᠢ ᠪᠠᠨ ᠠᠯᠳᠠᠵᠣ᠂ ᠭᠦᠮᠣᠨ ᠤ ᠬᠠᠷᠠᠳᠠᠯᠭ᠎ᠠ  ᠳᠤ ᠣᠴᠠᠷᠠᠭᠰᠠᠨ ᠮᠠᠭᠤ ᠭᠦᠮᠣᠨ ᠢ ᠵᠢᠭᠠᠨ᠎ᠠ᠃      ᠵᠢᠷᠭᠤᠭ᠎ᠠ᠂ 纸老虎 — ᠰᠢᠭᠤᠳ ᠣᠷᠴᠢᠭᠤᠯᠪᠠᠯ ᠴᠠᠭᠠᠰᠣᠨ ᠪᠠᠷᠰ ᠬᠡᠰᠡᠨ ᠦᠬᠡ ᠪᠣᠯᠣᠨ᠎ᠡ᠃ ᠮᠣᠩᠭᠤᠯ ᠳᠤ ᠰᠦᠷᠯᠡᠭᠦ ᠨᠢ ᠪᠠᠷᠰ ᠠᠷᠰᠯᠠᠨ᠂ ᠰᠡᠳᠬᠢᠬᠦ ᠨᠢ ᠦᠳᠦᠨ ᠪᠠᠳᠠᠭᠠᠨ᠎ᠠ ᠬᠡᠰᠡᠨ ᠦᠬᠡ ᠪᠠᠶᠢᠳᠠᠭ᠃ ᠭᠠᠳᠠᠨ᠎ᠠ  ᠪᠠᠨ ᠰᠦᠷᠯᠢᠭ ᠪᠣᠯᠪᠠᠴᠣ ᠲᠣᠳᠣᠷ᠎ᠠ ᠪᠠᠨ ᠶᠠᠭᠤᠮ᠎ᠠ ᠦᠬᠡᠢ ᠭᠦᠮᠣᠨ ᠪᠣᠶᠣ ᠪᠦᠯᠦᠭᠯᠡᠯ ᠢ ᠬᠡᠯᠡᠳᠡᠭ᠃      ᠳᠣᠯᠤᠭ᠎ᠠ᠂ 井底蛙 — ᠬᠤᠳᠳᠤᠭ ᠤᠨ ᠮᠡᠯᠡᠬᠡᠢ ᠬᠤᠨ ᠭᠠᠯᠠᠭᠤᠨ ᠮᠢᠬᠠᠨ ᠳᠤ ᠲᠣᠷᠠᠯᠠᠬᠤ ᠬᠡᠰᠡᠨ ᠮᠣᠩᠭᠤᠯ ᠦᠬᠡ ᠲᠠᠢ ᠣᠶᠢᠷᠠᠳᠣᠨ᠎ᠠ᠃ ᠬᠠᠷᠠᠴᠠ ᠣᠬᠤᠷ ᠪᠣᠳᠣᠯ ᠢᠪᠴᠣᠣ ᠭᠦᠮᠣᠨ ᠢ ᠬᠡᠯᠡᠨ᠎ᠡ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号