ᠮᠤᠩᠭᠤᠯ ᠬᠡᠷ ᠪᠤᠯ ᠮᠤᠩᠭᠤᠯ ᠦᠨᠳᠦᠰᠦᠳᠡᠨ ᠬᠦᠮᠦᠨ ᠲᠦᠷᠦᠯᠬᠢᠳᠡᠨ ᠤ ᠲᠡᠤᠭᠡᠨ ᠶᠠᠪᠤᠴᠠ ᠳᠤ | ᠪᠦᠳᠦᠭᠡᠭᠰᠡᠨ ᠤᠨᠴᠠ ᠤᠷᠤᠨ ᠰᠠᠭᠤᠴᠠ ᠶᠢᠨ ᠪᠦᠳᠦᠭᠡᠭᠳᠡᠬᠦᠨ ᠪᠤᠯᠬᠤ ᠶᠤᠮ᠃ ᠲᠡᠷᠡ ᠨᠢ ᠨᠢᠭᠡ ᠭᠠᠵᠠᠷ ᠤᠷᠤᠨ ᠤ | ᠪᠠᠶᠢᠭᠠᠯᠢ ᠶᠢᠨ ᠨᠦᠬᠦᠴᠡᠯ᠂ ᠭᠠᠵᠠᠷ ᠵᠦᠢ ᠶᠢᠨ ᠪᠠᠶᠢᠴᠠ᠂ ᠠᠵᠤ ᠠᠬᠤᠢ ᠶᠢᠨ ᠬᠡᠯᠪᠡᠷᠢ᠂ ᠠᠮᠢᠳᠤᠷᠠᠯ ᠤᠨ ᠲᠠᠳᠬᠠᠯ᠂ ᠡᠳ᠋ | ᠪᠤᠳᠠᠰ ᠤᠨ ᠤᠨᠴᠠᠯᠢᠭ ᠵᠡᠷᠭᠡ ᠲᠤᠬᠠᠢ ᠶᠢᠨ ᠴᠠᠭ ᠦᠶ᠎ᠡ ᠶᠢᠨ ᠲᠡᠤᠭᠡᠨ ᠠᠬᠤᠢ ᠶᠢ ᠬᠠᠷᠢᠭᠤᠯᠵᠤ ᠪᠠᠶᠢᠳᠠᠭ ᠢᠶᠠᠷ | ᠪᠠᠷᠠᠬᠤ ᠦᠭᠡᠢ ᠮᠤᠩᠭᠤᠯ ᠦᠨᠳᠦᠰᠦᠳᠡᠨ ᠤ ᠰᠡᠴᠡᠨ ᠰᠡᠷᠬᠦᠯᠡᠩ ᠠᠷᠭ᠎ᠠ ᠤᠬᠠᠭᠠᠨ᠂ ᠵᠤᠬᠢᠶᠠᠨ ᠪᠦᠳᠦᠭᠡᠬᠦ ᠴᠢᠳᠠᠪᠤᠷᠢ᠂ | ᠤᠷᠴᠢᠨ ᠳᠤ ᠪᠠᠨ ᠵᠤᠬᠢᠴᠠᠬᠤ ᠴᠢᠳᠠᠪᠤᠷᠢ ᠶᠢ ᠬᠠᠷᠢᠭᠤᠯᠵᠤ ᠴᠢᠳᠠᠭᠰᠠᠨ ᠪᠠᠶᠢᠨ᠎ᠠ᠃ | | | | | ᠨᠢᠭᠡ᠂ ᠮᠤᠩᠭᠤᠯ ᠭᠡᠷ ᠤᠨ ᠮᠤᠩᠭᠤᠯ ᠠᠮᠢᠳᠤᠷᠠᠯ ᠲᠠᠬᠢ ᠭᠤᠤᠯ ᠤᠷᠤᠨ ᠪᠠᠶᠢᠷᠢ᠃ ᠲᠡᠷᠡ ᠨᠢ ᠮᠤᠩᠭᠤᠯ | ᠨᠡᠬᠦᠳᠡᠯ ᠰᠤᠶᠤᠯ ᠤᠨ ᠴᠢᠬᠤᠯᠠ ᠪᠦᠷᠢᠯᠳᠦᠬᠦᠨ ᠵᠦᠢᠯ ᠪᠤᠯᠳᠠᠭ᠃ ᠮᠤᠩᠭᠤᠯ ᠤᠨ ᠰᠤᠶᠤᠯ ᠢ ᠰᠤᠳᠤᠯᠬᠤ ᠳᠤ ᠴᠤ | ᠮᠤᠩᠭᠤᠯ ᠬᠡᠷ ᠠᠴᠠ ᠲᠤᠭᠤᠷᠢᠭᠠᠳ ᠭᠠᠷᠴᠤ ᠴᠢᠳᠠᠳᠠᠭ ᠦᠭᠡᠢ᠂ ᠲᠡᠷᠡ ᠨᠢ ᠮᠤᠩᠭᠤᠯ ᠬᠦᠮᠦᠨ ᠤ ᠤᠷᠤᠨ | ᠰᠠᠭᠤᠴᠠ ᠶᠢᠨ ᠲᠡᠳᠦᠢ ᠵᠦᠢᠯ ᠤᠭᠳᠤ ᠪᠢᠰᠢ᠂ ᠬᠠᠷᠢᠨ ᠮᠤᠩᠭᠤᠯ ᠬᠦᠮᠦᠨ ᠤ ᠲᠡᠯᠡᠭᠡᠢ ᠶᠢᠨ ᠰᠤᠶᠤᠯ ᠳᠤ | ᠬᠠᠨᠳᠢᠪᠯᠠᠭᠰᠠᠨ ᠦᠪ ᠬᠦᠷᠦᠩᠭᠡ ᠪᠤᠯᠬᠤ ᠶᠤᠮ᠃ ᠡᠬᠦᠨ ᠢ ᠲᠤᠤᠷᠠᠬᠢ ᠬᠤᠶᠠᠷ ᠲᠠᠯ᠎ᠠ ᠪᠠᠷ ᠲᠤᠭᠠᠴᠠᠪᠠᠯ᠄ | ᠨᠢᠭᠡᠳᠦᠭᠡᠷ ᠲᠤ᠂ ᠮᠤᠩᠭᠤᠯ ᠭᠡᠷ ᠤᠨ ᠡᠬᠦᠰᠦᠯ ᠨᠢ ᠲᠤᠬᠠᠢ ᠶᠢᠨ ᠲᠡᠤᠭᠡᠨ ᠴᠠᠭ ᠦᠶ᠎ᠡ ᠶᠢᠨ ᠪᠠᠶᠢᠭᠠᠯᠢ ᠶᠢᠨ ᠤᠷᠴᠢᠨ᠂ | ᠠᠵᠤ ᠠᠬᠤᠢ ᠶᠢᠨ ᠪᠠᠶᠢᠳᠠᠯ᠂ ᠠᠮᠢᠳᠤᠷᠠᠯ ᠤᠨ ᠬᠡᠯᠪᠡᠷᠢ ᠪᠠ ᠡᠳ᠋ ᠪᠤᠳᠠᠰ ᠤᠨ ᠤᠨᠴᠠᠯᠢᠭ ᠲᠠᠢ ᠵᠤᠬᠢᠴᠠᠳᠠᠭ᠃ | ᠬᠤᠶᠠᠳᠤᠭᠠᠷ ᠲᠤ᠂ ᠮᠤᠩᠭᠤᠯ ᠭᠡᠷ ᠤᠨ ᠪᠦᠳᠦᠴᠡ ᠠᠴᠠ ᠦᠵᠡᠬᠦ ᠳᠤ᠂ ᠪᠠᠷᠢᠵᠤ ᠪᠤᠰᠬᠠᠬᠤ᠂ ᠨᠤᠷᠠᠭᠠᠵᠤ ᠪᠠᠭᠤᠯᠭᠠᠬᠤ᠂ | ᠠᠴᠢᠵᠤ ᠲᠡᠭᠡᠬᠡᠬᠦ ᠲᠠᠯ᠎ᠠ ᠳᠤ ᠨᠡᠬᠦᠳᠡᠯᠠᠮᠢᠳᠤᠷᠠᠯ ᠲᠠᠢ ᠵᠤᠬᠢᠴᠠᠵᠤ ᠴᠢᠳᠠᠬᠤ ᠠᠮᠢᠳᠤᠯᠢᠭᠤᠨᠴᠠᠯᠢᠭ ᠲᠠᠢ ᠪᠠᠶᠢᠳᠠᠭ᠃ | ᠬᠤᠶᠠᠷ᠂ ᠮᠤᠩᠭᠤᠯ ᠭᠡᠷ ᠪᠤᠯ ᠨᠡᠬᠦᠳᠡᠯ ᠮᠠᠯᠵᠢᠬᠤ ᠠᠮᠢᠳᠤᠷᠠᠯ ᠳᠤ ᠵᠤᠬᠢᠴᠠᠭᠰᠠᠨ ᠰᠢᠨᠵᠢᠯᠡᠬᠦ ᠤᠬᠠᠭᠠᠨᠴᠢ | ᠪᠦᠳᠦᠭᠡᠭᠳᠡᠬᠦᠨ ᠪᠤᠯᠤᠨ᠎ᠠ᠃ ᠨᠡᠬᠦᠳᠡᠯ ᠮᠠᠯᠵᠢᠯ ᠪᠤᠯ ᠮᠤᠩᠭᠤᠯ ᠦᠨᠳᠦᠰᠦᠳᠡᠨ ᠤ ᠦᠢᠯᠡᠳᠪᠦᠷᠢᠯᠡᠯ᠂ ᠠᠮᠢᠳᠤᠷᠠᠯ ᠢ | ᠲᠤᠰᠬᠠᠬᠤ ᠰᠢᠨᠵᠢᠯᠡᠬᠦ ᠤᠬᠠᠭᠠᠨᠴᠢ ᠦᠢᠯᠡᠳᠪᠤᠷᠢᠯᠡᠯ ᠤᠨ ᠬᠡᠯᠪᠡᠷᠢ ᠪᠤᠯᠤᠨ᠎ᠠ᠃ | | | | | ᠭᠤᠷᠪᠠ᠂ᠮᠤᠩᠭᠤᠯ ᠭᠡᠷ ᠤᠨ ᠪᠦᠳᠦᠴᠡ | 1. ᠲᠤᠭᠤᠨᠤ᠄ ᠲᠤᠭᠤᠨᠤ ᠨᠢ ᠮᠤᠩᠭᠤᠯ ᠭᠡᠷ ᠤᠨ ᠤᠷᠤᠢ ᠶᠢᠨ ᠭᠡᠰᠡᠭ ᠲᠤ ᠪᠠᠶᠢᠷᠢᠰᠢᠵᠤ᠂ ᠨᠠᠷᠠᠨ ᠰᠠᠷᠠᠨ ᠡᠬᠡ | ᠪᠠᠶᠢᠭᠠᠯᠢ ᠲᠠᠢ ᠨᠢᠭᠡᠨ ᠴᠤᠭᠴᠠ ᠪᠤᠯᠤᠨ ᠠᠭᠤᠰᠤᠯᠴᠠᠵᠤ ᠪᠠᠶᠢᠳᠠᠭ᠃ ᠲᠤᠭᠤᠨᠤ ᠶᠢᠨ ᠦᠢᠯᠡᠳᠦᠯ ᠨᠢ ᠮᠤᠩᠭᠤᠯ | ᠭᠡᠷ ᠤᠨ ᠲᠤᠳᠤᠷᠠᠬᠢ ᠠᠭᠠᠷ ᠤᠨ ᠰᠤᠯᠢᠯᠴᠠᠭ᠎ᠠ ᠶᠢ ᠬᠠᠩᠭᠠᠵᠤ ᠪᠠᠶᠢᠳᠠᠭ ᠢᠶᠠᠷ ᠪᠠᠷᠠᠬᠤ ᠦᠭᠡᠢ ᠭᠡᠷᠡᠯ ᠭᠡᠭᠡ ᠶᠢ | ᠭᠡᠷ ᠤᠨ ᠲᠤᠳᠤᠷ᠎ᠠ ᠤᠷᠢᠵᠤ ᠤᠷᠤᠭᠤᠯᠬᠤ ᠦᠢᠯᠡᠳᠦᠯ ᠲᠠᠢ᠂ ᠨᠡᠩ ᠴᠢᠬᠤᠯᠠ ᠨᠢ ᠲᠤᠭᠤᠨᠤ ᠪᠠᠷ ᠠᠶᠢᠯ ᠭᠡᠷ ᠤᠨ | ᠡᠳᠦᠷ ᠲᠤᠳᠤᠮ ᠳᠤ ᠭᠡᠷᠡᠭᠯᠡᠬᠦ ᠭᠠᠯ ᠲᠤᠯᠭ᠎ᠠ ᠶᠢᠨ ᠲᠦᠩᠰᠡ ᠶᠢ ᠲᠤᠭᠤᠨᠤ ᠶᠢᠨ ᠭᠤᠤᠯ ᠨᠦᠭᠡ ᠪᠠᠷ ᠭᠠᠳᠠᠭᠰᠢ | ᠭᠠᠷᠭᠠᠨ ᠠᠵᠠ ᠲᠦᠷᠦᠨ ᠠᠮᠢᠳᠤᠷᠠᠳᠠᠭ ᠢᠶᠠᠷ ᠮᠤᠩᠭᠤᠯ ᠬᠦᠮᠦᠨ ︽ᠲᠤᠭᠤᠨᠤᠳᠤ ᠭᠡᠷ ᠲᠡᠭᠡᠨ ᠵᠠᠶᠠᠭ᠎ᠠ ᠬᠤᠯᠪᠤᠵᠤ︾ | ᠭᠡᠮᠡᠨ ᠰᠢᠨ᠎ᠡ ᠠᠶᠢᠯ ᠪᠤᠯᠬᠤ ᠢᠨᠠᠭ ᠬᠤᠶᠠᠷ ᠤᠨ ᠰᠠᠶᠢᠨ ᠰᠠᠶᠢᠬᠠᠨ ᠠᠮᠢᠳᠤᠷᠠᠯ ᠤᠨ ᠦᠭᠡᠳᠡ ᠡᠰᠡᠷᠡᠭ᠂ ᠮᠠᠨᠳᠤᠨ | ᠪᠠᠳᠠᠷᠠᠬᠤ ᠶᠢ ᠵᠦᠩᠨᠡᠨ ᠪᠡᠯᠭᠡᠰᠢᠶᠡᠳᠡᠭ ᠪᠢᠯᠡ᠃ | 2.ᠡᠷᠦᠭᠡ᠄ ᠡᠷᠦᠭᠡ ᠪᠤᠯ ᠲᠤᠭᠤᠨᠤ ᠶᠢ ᠲᠠᠷᠤᠵᠤ ᠬᠤᠴᠠᠳᠠᠭ ᠭᠠᠷ ᠤᠨ ᠠᠶ᠎ᠠ ᠪᠠᠷ ᠬᠡᠷᠡᠭᠯᠡᠬᠦ ᠠᠮᠢᠳᠤᠯᠢᠭ | ᠬᠤᠴᠢᠯᠭ᠎ᠠ ᠪᠤᠯᠬᠤ ᠶᠤᠮ᠃ ᠲᠡᠬᠦᠨ ᠢ ᠭᠤᠤᠯ ᠨᠢ ᠢᠰᠡᠭᠡᠢ ᠪᠠᠷ ᠬᠢᠳᠡᠭ᠃ ᠵᠠᠷᠢᠮ ᠨᠢ ᠪᠠᠰᠠ ᠠᠷᠠᠰᠤ ᠪᠤᠶᠤ ᠪᠦᠰ | ᠪᠠᠷᠠᠭ᠎ᠠ ᠪᠠᠷ ᠬᠢᠳᠡᠭ ᠨᠢ ᠴᠤ ᠪᠤᠢ᠃ ᠦᠢᠯᠡᠳᠦᠯ ᠨᠢ ᠪᠤᠷᠤᠭᠠᠨ ᠴᠠᠰᠤ ᠲᠠᠢ ᠡᠳᠦᠷ ᠪᠤᠯᠬᠤ ᠪᠠᠷ ᠲᠤᠭᠤᠨᠤ ᠪᠠᠨ | ᠬᠤᠴᠠᠵᠤ᠂ ᠪᠤᠷᠤᠭᠠᠨ᠂ ᠴᠠᠰᠤ ᠲᠤᠳᠤᠭᠰᠢ ᠤᠷᠤᠬᠤ ᠶᠢ ᠬᠤᠷᠢᠭᠯᠠᠬᠤ ᠦᠢᠯᠡᠳᠦᠯ ᠲᠠᠢ᠃ ᠮᠦᠨᠴᠦ ᠭᠡᠷ ᠤᠨ ᠭᠡᠷᠡᠯ | ᠭᠡᠭᠡ᠂ ᠠᠭᠠᠷ ᠲᠤᠬᠢᠷᠠᠭᠤᠯᠤᠭᠴᠢ ᠪᠤᠯᠤᠨ᠎ᠠ᠃ | |