︽ᠴᠢᠩᠬᠢᠰ ᠤᠨ ᠦᠭᠡ ᠶᠢᠨ ᠲᠡᠭᠦᠪᠦᠷᠢ︾ ︵ᠨᠢᠭᠡ︶
ᠨᠡᠶᠢᠲᠡᠯᠡᠭᠰᠡᠨ ᠴᠠᠭ᠄
2023/7/3
     1.ᠣᠯᠠᠨ ᠠᠶᠢᠮᠠᠭ᠂ ᠣᠮᠤᠭ ᠤᠨ ᠬᠦᠮᠦᠰ ᠴᠤᠬᠤᠮ ᠶᠠᠭᠤ ᠪᠣᠳᠣᠵᠤ ᠬᠦᠰᠡᠵᠦ ᠪᠠᠶᠢᠭ᠎ᠠ ᠶᠢ ᠣᠯᠵᠤ ᠮᠡᠳᠡᠬᠦ ᠦᠭᠡᠢ ᠪᠠᠷ ᠲᠡᠳᠡᠨ ᠢ ᠲᠡᠷᠢᠭᠦᠯᠡᠨ ᠳᠠᠭᠠᠭᠤᠯᠤᠨ᠎ᠠ ᠭᠡᠵᠦ ᠦᠭᠡᠢ᠃      2.ᠬᠠᠮᠢᠭ᠎ᠠ ᠬᠡᠵᠢᠶ᠎ᠡ ᠴᠦ ᠠᠯᠢᠪᠠ ᠦᠢᠯᠡᠰ ᠲᠤ ᠵᠢᠳᠭᠦᠭᠰᠡᠨ ᠨᠢ ᠪᠦᠲᠦᠨ᠎ᠡ᠂ ᠠᠯᠭᠤᠷᠯᠠᠭᠰᠠᠨ ᠨᠢ ᠠᠯᠳᠠᠭᠳᠠᠨ᠎ᠠ᠃            3.ᠠᠯᠢᠪᠠ ᠬᠦᠮᠦᠰ ᠤᠨ ᠪᠡᠶ᠎ᠡ ᠶᠢ ᠨᠢ ᠡᠵᠡᠯᠡᠬᠦ ᠭᠡᠵᠦ ᠪᠦᠦ ᠶᠠᠭᠠᠷᠠ᠂ ᠰᠡᠳᠭᠢᠯ ᠢ ᠨᠢ ᠡᠵᠡᠯᠡᠬᠦ ᠶᠢ ᠶᠠᠭᠠᠷᠠ᠂ ᠰᠡᠳᠭᠢᠯ ᠢ ᠡᠵᠡᠯᠡᠪᠡᠰᠦ ᠪᠡᠶ᠎ᠡ ᠬᠠᠮᠢᠭᠠᠰᠢ ᠬᠤᠯᠠᠳᠬᠤ ᠠᠵᠢ᠃      4.ᠦᠨᠳᠦᠷ ᠠᠭᠤᠯᠠ ᠶᠢ ᠵᠣᠷᠢ᠂ ᠦᠷᠭᠡᠨ ᠳᠠᠯᠠᠢ ᠳᠤ ᠭᠠᠷ︕ ᠬᠤᠯᠠ ᠭᠡᠮᠡᠨ ᠪᠦᠦ ᠰᠢᠨᠲᠠᠷᠠ᠂ ᠶᠠᠪᠤᠪᠠᠰᠤ ᠬᠦᠷᠦᠨ᠎ᠡ᠃ ᠶᠡᠭᠡ ᠭᠡᠮᠡᠨ ᠪᠦᠦ ᠰᠠᠨᠳᠤᠷ᠂ ᠣᠷᠣᠯᠳᠤᠪᠠᠰᠤ ᠭᠠᠲᠤᠯᠤᠨ᠎ᠠ᠃      5.ᠲᠥᠷᠦ ᠶᠢᠨ ᠬᠡᠷᠡᠭ ᠲᠤ ᠪᠡᠶ᠎ᠡ ᠪᠦᠬᠡ ᠪᠦᠬᠡᠰᠦ ᠭᠠᠭᠴᠠ ᠶᠢ ᠢᠯᠠᠨ᠎ᠠ᠃ ᠰᠡᠳᠭᠢᠯ ᠪᠦᠬᠡ ᠪᠦᠬᠡᠰᠦ ᠪᠦᠭᠦᠳᠡ ᠶᠢ ᠢᠯᠠᠨ᠎ᠠ᠃      6.ᠲᠥᠷᠦ ᠤᠯᠤᠰ ᠤᠨ ᠬᠠᠭᠠᠨ ᠪᠣᠯ ᠶᠡᠷᠦ ᠶᠢᠨ ᠵᠡᠷᠭᠡ ᠬᠡᠷᠬᠢᠮ ᠲᠠᠢ ᠠᠳᠠᠯᠢ ᠦᠭᠡᠢ ᠲᠤᠯᠠ ᠡᠩ ᠤᠨ ᠨᠢᠭᠡ ᠬᠡᠯᠡᠵᠦ᠂ ᠬᠡᠯᠡᠭᠳᠡᠵᠦ ᠶᠠᠭᠠᠬᠢᠨ ᠪᠣᠯᠣᠨ᠎ᠠ᠂ ᠣᠯᠠᠨ ᠤ ᠰᠡᠳᠭᠢᠯ ᠲᠡᠭᠦᠨ ᠢ ᠬᠠᠭᠠᠨ ᠮᠡᠲᠦ ᠦᠵᠡᠵᠦ ᠪᠠᠶᠢᠪᠠᠯ ᠲᠡᠷᠡ ᠬᠠᠭᠠᠨ ᠮᠦᠨ᠃      7.ᠬᠡᠷᠪᠡ ᠲᠡᠷᠢᠭᠦᠨ ᠪᠣᠯᠴᠢᠬᠠᠭᠠᠳ ᠬᠠᠭᠠᠨ ᠤ ᠶᠠᠪᠤᠳᠠᠯ ᠢᠶᠠᠷ ᠶᠠᠪᠤᠵᠤ ᠡᠰᠡ ᠬᠠᠭᠠᠨ ᠪᠣᠯᠵᠤ ᠶᠠᠭᠤ ᠬᠢᠨ᠎ᠡ᠂ ᠲᠥᠮᠡᠨ ᠤ ᠰᠢᠪᠰᠢᠭ᠃      8.ᠮᠡᠬᠦᠶᠢᠨ ᠪᠠᠶᠠᠰᠬᠤ ᠨᠢ ᠡᠨᠡ ᠳᠡᠯᠡᠬᠡᠢ ᠳᠠᠬᠢᠨ ᠨᠢᠭᠡᠨ ᠭᠡᠷ ᠪᠦᠯᠢ ︵ᠮᠡᠲᠦ︶ ᠪᠣᠯᠵᠤ᠂ ᠲᠥᠪ ᠲᠥᠪᠰᠢᠨ ᠡᠩᠬᠡ ᠠᠮᠤᠭᠤᠯᠠᠩ ᠪᠣᠯᠪᠠᠰᠤ ᠰᠠᠶ᠋ᠢ ᠮᠢᠨᠤ ᠪᠠᠶᠠᠰᠤᠯ ᠢᠷᠡᠨ᠎ᠡ᠂ ᠡᠷᠭᠢᠨ ᠲᠣᠭᠤᠷᠢᠨ ᠶᠣᠰᠣ ᠪᠣᠰᠤ ᠣᠯᠠᠨ ᠬᠠᠭᠠᠳ ᠪᠠᠶᠢᠨ᠎ᠠ᠂ ᠲᠡᠳᠡ ᠡᠷᠬᠡ ᠳᠤᠷ᠎ᠠ ᠪᠠᠷ ᠢᠶᠠᠨ ᠠᠭᠠᠰᠢᠯᠠᠨ᠂ ᠣᠯᠠᠨ ᠠᠮᠢᠲᠠᠨ ᠢ ᠶᠡᠭᠡ ᠵᠣᠪᠠᠭᠠᠵᠤᠮ᠃ ᠦᠷᠭᠦᠯᠵᠢ ᠪᠠᠶᠢᠯᠳᠤᠭᠠᠨ ᠡᠭᠦᠰᠭᠡᠵᠦ᠂ ᠬᠦᠮᠦᠨ ᠤ ᠦᠬᠦᠬᠦ ᠶᠢ ᠡᠯᠡᠰᠦ ᠬᠡᠶᠢᠰᠭᠡᠬᠦ ᠲᠠᠢ ᠠᠳᠠᠯᠢ ᠪᠣᠯᠵᠠᠢ᠃ ᠡᠶᠢᠮᠦ ᠠᠴᠠ ᠪᠢ ᠲᠡᠳᠡᠨ ᠢ ᠨᠣᠮᠣᠬᠠᠷᠠᠭᠤᠯᠵᠤ ᠳᠡᠯᠡᠬᠡᠢ ᠨᠡᠶᠢᠲᠡ ᠪᠠᠷ ᠡᠩᠬᠡ ᠲᠥᠪᠰᠢᠨ ᠪᠣᠯᠭᠠᠬᠤ ᠪᠣᠳᠣᠯ ᠲᠠᠢ ᠪᠠᠶᠢᠨ᠎ᠠ᠃ ᠡᠭᠦᠨ ᠢ ᠬᠢᠵᠦ ᠴᠢᠳᠠᠪᠠᠯ ᠳᠡᠭᠡᠳᠦ ᠲᠡᠭᠷᠢ ᠳᠤ ᠭᠠᠪᠢᠶ᠎ᠠ ᠲᠠᠢ᠃ ᠳᠣᠣᠷᠠᠳᠤ ᠬᠦᠮᠦᠨ ᠳᠤ ᠥᠷᠦᠰᠢᠶᠡᠯ ᠪᠣᠯᠬᠤ ᠪᠢᠯᠡ᠃      9.ᠬᠤᠣᠷᠲᠠᠨ ᠮᠠᠭᠤ ᠶᠢ ᠰᠠᠶᠢᠲᠤᠷ ᠵᠠᠰᠠᠵᠤ᠂ ᠬᠤᠲᠠᠯᠠ ᠤᠯᠤᠰ ᠢ ᠢᠮᠠᠭᠲᠠ ᠬᠠᠮᠠᠭᠠᠯᠠᠭᠲᠤᠨ᠃      10.ᠴᠢᠬᠢᠷᠠᠭ ᠡᠵᠡᠨ᠂ ᠴᠢᠳᠠᠪᠤᠷᠢᠲᠠᠢ ᠰᠠᠶᠢᠳ ᠪᠣᠯ ᠤᠯᠤᠰ ᠢ ᠪᠠᠶᠢᠭᠤᠯᠬᠤ ᠡᠷᠳᠡᠨᠢ᠂ ᠴᠢᠩᠭ᠎ᠠ ᠴᠢᠩᠳᠠ ᠴᠡᠷᠢᠭ᠂ ᠴᠢᠭᠡᠴᠢ ᠴᠢᠳᠠᠯ ᠲᠠᠢ ᠵᠠᠩᠵᠤᠨ ᠴᠢᠨᠠᠲᠤ ᠶᠢ ᠳᠡᠶᠢᠯᠬᠦ ᠶᠢᠨ ᠦᠨᠳᠦᠰᠦ᠃      11.ᠠᠤᠭ᠎ᠠ ᠬᠦᠴᠦ ᠪᠠᠨ ᠶᠡᠬᠡᠳᠭᠡᠶ᠎ᠡ ᠭᠡᠪᠡᠯ ᠠᠷᠠᠳ ᠴᠡᠷᠢᠭ ᠢᠶᠠᠨ ᠠᠪᠤᠷᠠ᠂ ᠠᠮᠤᠷ ᠵᠢᠮ ᠰᠠᠭᠤᠶ᠎ᠠ ᠭᠡᠪᠡᠯ ᠡᠪ ᠡᠶ᠎ᠡ ᠪᠠᠨ ᠬᠢᠴᠢᠶᠡ᠃      12.ᠬᠠᠷᠢ ᠶᠢᠨ ᠭᠠᠵᠠᠷ ᠠᠷᠭ᠎ᠠ ᠴᠢᠳᠠᠯ ᠢᠶᠠᠨ ᠪᠠᠬᠢᠯᠡᠵᠦ᠂ ᠬᠠᠯᠠᠭᠤᠨ ᠵᠠᠭᠤᠷ᠎ᠠ ᠪᠠᠨ ᠡᠶ᠎ᠡ ᠨᠠᠶᠢᠷ ᠢ ᠬᠢᠴᠢᠶᠡᠵᠦ ᠶᠠᠪᠤ᠂ ᠡᠪ ᠨᠠᠶᠢᠷᠠᠮᠳᠠᠯ ᠠᠴᠠ ᠢᠯᠡᠭᠦᠦ ᠬᠦᠴᠦ ᠡᠨᠡ ᠳᠡᠯᠡᠬᠡᠢ ᠳᠤ ᠦᠭᠡᠢ᠃      13.ᠠᠯᠲᠠᠨ ᠪᠡᠶ᠎ᠡ ᠠᠮᠤᠰᠬᠢᠪᠠᠰᠤ ᠠᠬᠤᠢ ᠲᠥᠷᠦ ᠮᠢᠨᠢ ᠠᠯᠳᠠᠷᠠᠭᠤᠵᠠᠢ᠃ ᠪᠦᠲᠦᠨ ᠪᠡᠶ᠎ᠡ ᠠᠮᠤᠰᠬᠢᠪᠠᠰᠤ ᠪᠦᠷᠢᠨ ᠤᠯᠤᠰ ᠮᠢᠨᠢ ᠰᠠᠲᠠᠷᠠᠭᠤᠵᠠᠢ᠃ ᠠᠯᠲᠠᠨ ᠪᠡᠶ᠎ᠡ ᠠᠯᠵᠢᠶᠠᠪᠠᠯ ᠠᠯᠵᠢᠶᠠᠲᠤᠭᠠᠢ᠃ ᠠᠬᠤᠢ ᠲᠥᠷᠦ ᠮᠢᠨᠢ ᠪᠦᠦ ᠠᠯᠳᠠᠷᠲᠤᠭᠠᠢ᠃ ᠪᠦᠲᠦᠨ ᠪᠡᠶ᠎ᠡ ᠮᠢᠨᠢ ᠵᠣᠪᠠᠪᠠᠰᠤ ᠵᠣᠪᠠᠲᠤᠭᠠᠢ᠂ ᠪᠦᠷᠢᠨ ᠤᠯᠤᠰ ᠮᠢᠨᠢ ᠪᠦᠦ ᠰᠠᠨᠳᠤᠷᠲᠤᠭᠠᠢ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号