ᠬᠠᠨᠢᠶᠠᠯᠭ᠎ᠠ ᠪᠠ ᠡᠯᠢᠭᠡᠨ ᠤ ᠬᠠᠯᠠᠭᠤᠨ ᠳᠤ ᠲᠤᠰᠠᠲᠠᠢ ᠡᠮ ᠳᠣᠮ
ᠨᠡᠶᠢᠲᠡᠯᠡᠭᠰᠡᠨ ᠴᠠᠭ᠄
2024/1/22
     ᠠᠮᠢᠰᠬᠤᠭ᠎ᠠ ᠴᠢᠬᠤᠯᠳᠠᠬᠤ ᠡᠪᠡᠳᠴᠢᠨ ᠳᠤ ᠸᠠᠩ ᠰᠧᠪᠦ᠋ᠷᠦ᠂ ᠴᠠᠬᠢᠯᠳᠠᠭ ᠤᠨ ᠦᠨᠳᠦᠰᠦ᠂ ᠰᠢᠬᠢᠷ ᠡᠪᠡᠰᠦ ᠶᠢ ᠨᠠᠶᠢᠷᠠᠭᠤᠯᠤᠨ ᠤᠤᠭᠤᠪᠠᠯ ᠰᠠᠶᠢᠨ᠂ ᠬᠤᠨᠢᠨ ᠲᠠᠷᠢᠬᠢ ᠶᠢ ᠵᠠᠮᠤᠽᠦᠸᠠ ᠲᠠᠢ ᠬᠤᠯᠢᠵᠤ ᠬᠤᠭᠤᠯᠠᠢ ᠪᠠᠨ ᠬᠥᠬᠦᠭᠦᠯᠪᠡᠯ ᠮᠠᠰᠢ ᠰᠠᠶᠢᠨ᠃      ᠠᠭᠤᠰᠬᠢᠨ ᠤ ᠠᠷᠬᠠᠭ ᠬᠢᠭᠡᠳ ᠠᠭᠤᠰᠬᠢ ᠴᠣᠭᠤᠷᠠᠬᠤ ᠳᠤ ᠦᠨᠢᠶᠡᠨ ᠰᠦ ᠲᠤᠰᠠᠲᠠᠢ᠃ ᠲᠡᠷᠡᠴᠢᠯᠡᠨ ᠠᠷᠬᠠᠭ ᠬᠠᠨᠢᠶᠠᠯᠭ᠎ᠠ ᠳᠤ ᠬᠤᠨᠴᠢᠷ ᠢ ᠬᠠᠨᠳᠠᠯᠠᠵᠤ ᠤᠤᠭᠤᠨ᠎ᠠ᠃      ᠡᠳᠦᠷ ᠰᠥᠨᠢ ᠦᠭᠡᠢ ᠬᠠᠨᠢᠶᠠᠯᠭᠠᠬᠤ ᠳᠤ ᠬᠥᠬᠡ ᠬᠤᠴᠠᠨ ᠤ ᠠᠭᠤᠰᠬᠢ ᠶᠢ ᠴᠢᠨᠠᠵᠤ ᠢᠳᠡᠬᠦ᠂ ᠬᠡᠢ ᠬᠠᠨᠢᠶᠠᠯᠭᠠᠬᠤ ᠳᠤ ᠲᠠᠷᠪᠠᠭᠠᠨ ᠤ ᠰᠡᠪᠡᠰᠤᠲᠢ ᠬᠤᠳᠣᠭᠤᠳᠤ ᠶᠢ ᠴᠢᠨᠠᠵᠤ ᠲᠤᠩᠭᠠᠨ ᠤᠤᠭᠤᠨ᠎ᠠ᠃      ᠠᠭᠤᠰᠬᠢᠨ ᠳᠤ ᠤᠰᠤ ᠭᠦᠶᠦᠬᠦ᠂ ᠤᠰᠤᠳᠤᠬᠤ ᠳᠤ ᠴᠢᠨ᠋ᠸ᠎ᠠ ᠶᠢᠨ ᠮᠢᠬ᠎ᠠ ᠢᠳᠡᠬᠦ᠂ ᠮᠡᠩᠭᠡᠷ ᠲᠤ ᠭᠤᠯᠢᠶ᠎ᠠ ᠴᠠᠷᠴᠠᠬᠠᠢ ᠶᠢ ᠢᠳᠡᠬᠦ᠂ ᠰᠢᠭᠦᠰᠦ ᠶᠢ ᠨᠢ ᠤᠤᠭᠤᠬᠤ᠂ ᠣᠲᠣᠬᠤ᠂ ᠦᠨᠦᠷᠯᠡᠬᠦ ᠵᠡᠷᠭᠡ ᠪᠠᠷ ᠬᠡᠷᠡᠭᠯᠡᠨ᠎ᠡ᠂ ᠬᠡᠢ ᠬᠠᠨᠢᠶᠠᠯᠭ᠎ᠠ  ᠳᠤ ᠴᠡᠭᠡ ᠤᠤᠭᠤᠪᠠᠯ ᠮᠠᠰᠢ ᠰᠠᠶᠢᠨ᠃      ᠦᠳᠡᠷᠡᠭᠰᠡᠨ ᠬᠠᠨᠢᠶᠠᠯᠭ᠎ᠠ ᠳᠤ ᠬᠥᠬᠡ᠂ ᠴᠠᠭᠠᠨ ᠳ᠋ᠢᠭᠳᠡ᠂ ᠽᠠᠷᠪᠤᠩ᠂ ᠴᠠᠭᠠᠨ ᠯᠤᠤᠪᠠᠩ ᠢ ᠬᠡᠮ ᠲᠡᠭᠰᠢ ᠨᠠᠶᠢᠷᠠᠭᠤᠯᠤᠨ ᠴᠢᠨᠠᠵᠤ ᠤᠤᠭᠤᠨ᠎ᠠ᠃ ᠴᠠᠭᠠᠨ ᠳ᠋ᠠᠯᠢ ᠤᠤᠭᠤᠬᠤ ᠪᠤᠶᠤ ᠵᠠᠵᠢᠯᠵᠤ ᠰᠢᠯᠦᠰᠦ ᠪᠠᠨ ᠵᠠᠯᠭᠢᠬᠤ ᠳᠤ ᠶᠠᠮᠠᠷ  ᠤᠨ ᠬᠠᠨᠢᠶᠠᠯᠭ᠎ᠠ ᠵᠣᠭᠰᠣᠨ᠎ᠠ᠃ ᠮᠥᠭᠡᠷᠰᠦᠨ ᠬᠤᠭᠤᠯᠠᠢ ᠶᠢᠨ ᠰᠢᠯᠲᠠᠭᠠᠨ ᠠᠴᠠ ᠬᠠᠨᠢᠶᠠᠯᠭᠠᠬᠤ ᠳᠤ ᠴᠢᠴᠠᠷᠭᠠᠨ᠎ᠠ ᠤᠤᠭᠤᠨ᠎ᠠ᠃      ᠪᠦᠭᠰᠢᠨ ᠬᠠᠨᠢᠶᠠᠵᠤ ᠠᠮᠢᠰᠬᠤᠯ ᠳᠠᠪᠬᠤᠴᠠᠬᠤ ᠳᠤ ᠵᠡᠭᠡᠷᠭᠡᠨ᠎ᠡ᠂ ᠭᠦᠢᠯᠡᠰᠦᠨ ᠴᠥᠮ᠎ᠡ᠂ ᠰᠢᠬᠢᠷ ᠡᠪᠡᠰᠦ ᠶᠢ ᠴᠢᠨᠠᠵᠤ ᠤᠤᠭᠤᠪᠠᠯ ᠡᠳᠡᠭᠡᠨ᠎ᠡ᠃ ᠴᠢᠰᠤᠨ ᠬᠠᠳᠬᠤᠯᠭ᠎ᠠ ᠲᠣᠰᠬᠤ ᠳᠤ ᠬᠦᠢᠲᠡᠨ ᠤᠰᠤᠨ ᠳᠣᠣᠷ᠎ᠠ ᠪᠠᠶᠢᠭ᠎ᠠ ᠮᠠᠰᠢ ᠬᠦᠢᠲᠡᠨ ᠴᠢᠯᠠᠭᠤ ᠪᠠᠷ ᠠᠭᠤᠰᠬᠢᠨ ᠴᠢᠭ ᠲᠤ ᠵᠢᠩ ᠲᠠᠯᠪᠢᠨ᠎ᠠ᠃      ᠡᠯᠢᠭᠡᠨ ᠳᠤ ᠴᠢᠰᠤ ᠬᠤᠷᠠᠵᠤ ᠴᠢᠰᠤ ᠪᠠᠷ ᠪᠥᠭᠡᠯᠵᠢᠬᠦ ᠳᠤ ᠬᠠᠷ᠎ᠠ ᠤᠬᠤᠨ᠎ᠠ ᠶᠢᠨ ᠲᠤᠭᠤᠯᠤᠮᠤᠢ ᠡᠪᠡᠷ ᠢ ᠲᠦᠯᠡᠵᠦ ᠪᠤᠴᠠᠯᠭᠠᠵᠤ ᠤᠤᠭᠤᠨ᠎ᠠ᠃ ᠰᠦᠮᠵᠦᠳᠢᠭᠳᠡ᠂ ᠨᠣᠬᠠᠢ ᠶᠢᠨ ᠬᠤᠰᠢᠭᠤᠨ ᠤ ᠦᠷ᠎ᠡ᠂ ᠪᠡᠷᠢᠶᠡᠩᠬᠦ ᠶᠢ ᠴᠢᠨᠠᠵᠤ ᠤᠤᠭᠤᠨ᠎ᠠ᠂ ᠡᠨᠡ ᠨᠢ ᠡᠯᠢᠭᠡᠨ ᠤ ᠠᠯᠢᠪᠠ ᠬᠠᠯᠠᠭᠤᠨ ᠢ ᠡᠳᠡᠭᠡᠨ᠎ᠡ᠃ ᠤᠯᠠᠭᠠᠨ ᠦᠨᠳᠦᠰᠦ ᠴᠢᠨᠠᠵᠤ ᠤᠤᠭᠤᠪᠠᠯ ᠡᠯᠢᠭᠡᠨ ᠤ ᠠᠵᠢᠯᠯᠠᠭ᠎ᠠ ᠰᠠᠶᠢᠵᠢᠷᠠᠭᠤᠯᠤᠨ᠎ᠠ᠃ ᠤᠯᠠᠭᠠᠨ ᠰᠢᠷᠭᠤᠯᠵᠢ᠂ ᠵᠦᠷᠦᠷ᠎ᠠ ᠴᠢᠨᠠᠵᠤ ᠤᠤᠭᠤᠪᠠᠯ ᠡᠯᠢᠭᠡᠨ ᠬᠠᠯᠠᠭᠤᠨ ᠪᠠ ᠰᠢᠷ᠎ᠠ ᠡᠪᠡᠳᠴᠢᠨ ᠢ ᠡᠳᠡᠭᠡᠨ᠎ᠡ᠃       ᠡᠯᠢᠭᠡᠨ ᠬᠠᠪᠤᠳᠠᠷ ᠲᠤ ᠺᠠᠽᠧ ᠭᠦᠷᠭᠦᠮ᠂ ᠡᠪᠡᠰᠦᠨ ᠭᠦᠷᠭᠦᠮ᠂ ᠰᠢᠬᠢᠷ ᠡᠪᠡᠰᠦ᠂ ᠳ᠋ᠢᠭᠳᠢᠨ ᠪᠤᠴᠠᠯᠭᠠᠨ ᠤᠤᠭᠤᠪᠠᠯ ᠬᠠᠪᠤᠳᠠᠷ ᠠᠷᠢᠯᠤᠨ᠎ᠠ᠂ ᠡᠭᠡᠵᠡᠭᠡᠢ ᠪᠤᠴᠠᠯᠭᠠᠨ ᠰᠢᠷ᠎ᠠ ᠰᠦ ᠶᠢ ᠥᠳᠬᠡᠨ ᠢᠶᠠᠷ ᠨᠢ ᠪᠠᠶᠢᠩᠭᠤ ᠤᠤᠭᠤᠪᠠᠯ ᠡᠯᠢᠭᠡᠨ ᠤ ᠡᠮ ᠤᠨ ᠳᠡᠭᠡᠳᠦ ᠮᠥᠨ᠃ ᠡᠯᠢᠭᠡ ᠬᠠᠲᠠᠭᠤᠷᠠᠬᠤ ᠳᠤ ᠴᠢᠬᠢᠭ ᠤᠨ ᠤᠯᠠᠭᠠᠨ ᠬᠤᠷᠣᠬᠠᠢ ᠪᠤᠴᠠᠯᠭᠠᠵᠤ ᠤᠤᠭᠤᠬᠤ᠂ ᠡᠯᠢᠭᠡᠨ ᠤ ᠤᠰᠤᠨ ᠬᠠᠪᠤᠩ ᠳᠤ ᠨᠣᠬᠠᠢ ᠶᠢᠨ ᠬᠠᠯᠠᠭᠤᠨ ᠴᠢᠰᠤ ᠤᠤᠭᠤᠬᠤ ᠳᠤ ᠰᠢᠭᠡᠰᠦ ᠪᠠᠷ ᠲᠠᠭᠤᠭᠳᠠᠨ ᠭᠠᠷᠤᠨ᠎ᠠ᠂ ᠲᠡᠷᠡ ᠰᠢᠭᠡᠰᠦ ᠶᠢ ᠲᠠᠬᠢᠨ ᠤᠤᠭᠤᠪᠠᠯ ᠮᠠᠰᠢ ᠰᠠᠶᠢᠨ᠃      ᠨᠢᠯᠬ᠎ᠠ ᠬᠡᠦᠬᠡᠳ ᠤᠨ ᠡᠯᠢᠭᠡ ᠳᠣᠷᠭᠢᠬᠤ ᠳᠤ ᠬᠤᠨᠢ ᠢᠮᠠᠭᠠᠨ ᠤ ᠰᠡᠪᠡᠰᠦ ᠪᠠᠷ ᠬᠥᠬᠦᠭᠦᠯᠬᠦ ᠳᠤ ᠶᠡᠭᠡ ᠲᠤᠰᠠ ᠪᠣᠯᠳᠠᠭ᠃ ᠡᠯᠢᠭᠡᠨ ᠤ ᠬᠠᠪᠤᠳᠠᠷ᠂ ᠬᠠᠲᠠᠭᠤᠷᠠᠯ᠂ ᠬᠠᠯᠠᠭᠤᠨ ᠢ ᠳᠠᠷᠤᠬᠤ ᠳᠤ ᠬᠤᠨᠢ ᠢᠮᠠᠭᠠᠨ ᠤ ᠲᠣᠯᠣᠭᠠᠢ  ᠶᠢᠨ ᠨᠣᠶᠢᠲᠠᠨ ᠠᠷᠠᠰᠤ᠂ ᠰᠦ ᠪᠠᠷ ᠬᠥᠬᠦᠭᠦᠯᠪᠡᠯ ᠰᠠᠶᠢᠨ᠃ ᠰᠢᠷ᠎ᠠ ᠡᠪᠡᠳᠴᠢᠨ ᠬᠤᠷᠴᠠ ᠦᠶ᠎ᠡ ᠳᠤ ᠪᠠᠭᠠᠪᠠᠭᠠᠢ ᠶᠢᠨ ᠰᠥᠰᠥ ᠥᠴᠥᠬᠡᠨ ᠠᠭᠤᠰᠬᠠᠵᠤ ᠤᠤᠭᠤᠪᠠᠯ ᠰᠠᠶᠢᠨ᠃ ᠡᠯᠢᠭᠡ ᠰᠥᠰᠥᠨ ᠤ ᠠᠷᠬᠠᠭ ᠡᠪᠡᠳᠴᠢᠨ ᠳᠤ ᠠᠭᠤᠯᠠ ᠶᠢᠨ ᠬᠤᠶᠢᠰᠢ ᠬᠠᠨᠳᠤᠭᠰᠠᠨ ᠳᠣᠯᠣᠭᠠᠨ ᠠᠮᠠᠨ ᠠᠴᠠ ᠲᠣᠰᠪᠤᠷᠢ ᠠᠳᠤᠭᠤᠨ ᠤ ᠬᠥᠬᠡ ᠬᠤᠮᠣᠯ ᠨᠢᠵᠡᠭᠡᠳ ᠢ ᠠᠪᠴᠤ ᠪᠢᠳᠡᠭᠦᠦ ᠲᠦᠯᠡᠭᠰᠡᠨ ᠦᠨᠡᠰᠦ ᠶᠢ ᠨᠢ ᠤᠤᠭᠤᠪᠠᠯ ᠶᠡᠭᠡ ᠰᠠᠶᠢᠨ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号