ᠬᠡᠢ ᠬᠠᠯᠠᠭᠤᠨ ᠬᠠᠪᠰᠤᠷᠤᠭᠰᠠᠨ ᠡᠪᠡᠳᠴᠢᠨ
ᠨᠡᠶᠢᠲᠡᠯᠡᠭᠰᠡᠨ ᠴᠠᠭ᠄
2024/1/29
     ᠬᠡᠢ ᠶᠢᠨ ᠮᠦᠨ ᠴᠢᠨᠠᠷ ᠬᠡᠳᠦᠶᠢᠪᠡᠷ ᠰᠡᠷᠢᠭᠦᠨ ᠭᠡᠳᠡᠭ ᠪᠤᠯᠪᠠᠴᠦ᠂ ᠭᠠᠯ ᠢ ᠪᠠᠳᠠᠷᠠᠭᠠᠬᠤ ᠳᠤ ᠬᠦᠬᠦᠷᠭᠡ ᠮᠡᠳᠦ᠃ ᠶᠡᠷᠤᠨᠢ ᠬᠡᠢ ᠨᠢ ᠬᠠᠯᠠᠭᠤᠨ ᠬᠦᠶᠢᠲᠡᠨ ᠤ ᠠᠯᠢᠨ ᠳᠤ ᠨᠢ ᠴᠤ ᠨᠦᠭᠦᠷᠯᠡᠵᠦ ᠲᠡᠷᠢᠬᠦᠨ ᠳᠤ ᠲᠦᠷᠦᠭᠦᠯᠬᠦ᠂ ᠲᠤᠮᠳᠠ ᠤᠷᠤᠰᠢᠭᠤᠯᠬᠤ᠂ ᠰᠡᠭᠦᠯ ᠳᠤ ᠠᠷᠪᠢᠵᠢᠭᠤᠯᠬᠤ ᠤᠷᠰᠢᠭ ᠢ ᠲᠠᠲᠠᠵᠦ ᠪᠠᠶᠢᠳᠠᠭ ᠶᠤᠮ᠃ ᠡᠶᠢᠮᠦ ᠠᠴᠠ ᠰᠠᠶᠢᠳᠤᠷ ᠠᠩᠬᠠᠷᠤᠨ ᠵᠠᠰᠠᠬᠤ ᠬᠡᠷᠡᠭᠲᠡᠢ᠃      ᠬᠡᠢ ᠪᠠᠷ ᠡᠭᠦᠰᠦᠭᠳᠡᠭᠰᠡᠨ ᠬᠠᠯᠠᠭᠤᠨ ᠳᠤ ᠪᠤᠯ ᠯᠢᠳᠡᠷᠢ᠂ ᠭᠠᠵᠠ ᠶᠢᠨ ᠲᠠᠩ ᠪᠠ ᠮᠠᠨᠤ -4  + ᠭᠤᠨᠢᠶᠤᠳ  ᠤᠨ ᠲᠠᠩ ᠪᠤᠶᠤ ᠲᠠᠯᠬ᠎ᠠ ᠪᠠᠷ ᠦᠭᠭᠦᠭᠰᠡᠨ ᠴᠤ ᠪᠤᠯᠤᠨ᠎ᠠ᠂ ᠮᠦᠨ ᠮᠠᠨᠤ -4 ᠶᠢ ᠦᠬᠡᠷ ᠤᠨ ᠪᠤᠷᠴᠠ ᠲᠠᠢ ᠴᠢᠨᠠᠵᠦ ᠦᠭᠭᠦ᠃ ᠪᠠᠰᠠ ᠵᠦᠭᠠᠩ᠂ ᠭᠦᠷᠭᠦᠮ᠂ ᠯᠢᠰᠢ᠂ ᠽᠠᠳᠢ᠂ ᠠᠭᠠᠷᠥ᠂ ᠦᠴᠦᠭᠡᠨ ᠭᠠᠪᠦᠷ ᠦᠭᠭᠦ ᠪᠤᠶᠤ ᠯᠢᠳᠡᠷᠢ᠂ ᠭᠤᠨᠢᠶᠤᠳ᠂ ᠷᠦᠳᠠ᠂ ᠭᠤᠭᠲ᠋ᠠᠯ᠂ ᠭᠦᠯᠨᠠᠭ᠂ ᠭᠠᠨᠳᠠᠭᠠᠷᠢ ᠶᠢ ᠶᠠᠰᠤᠨ ᠱᠦᠯᠦ ᠪᠠᠷ ᠦᠭᠭᠦᠨ᠎ᠠ᠃            ᠢᠩᠭᠢᠭᠡᠳ ᠰᠡᠭᠦᠯ ᠢ ᠪᠠᠷᠠᠶᠢᠪᠤ - 3 + ᠵᠦᠮᠽᠠ ᠪᠠᠷ ᠲᠤᠭᠤᠯᠭᠠᠬᠤ ᠪᠤᠶᠤ ᠨᠢᠷᠤᠬ᠎ᠠ ᠲᠠᠯᠪᠢᠨ᠎ᠠ᠃ ᠶᠡᠷᠦ ᠨᠢ ᠡᠨᠡ ᠵᠦᠮᠽᠠ -4 ᠶᠢᠨ ᠲᠤᠭᠤᠯᠭ᠎ᠠ ᠪᠤᠯ ᠬᠠᠯᠠᠭᠤᠨ ᠡᠪᠡᠳᠴᠢᠨ ᠤ ᠰᠡᠭᠦᠯ ᠢ ᠲᠠᠰᠤᠯᠬᠤ ᠳᠤ ᠰᠠᠶᠢᠰᠢᠶᠠᠭᠳᠠᠬᠤ᠂ ᠵᠦᠭᠡᠯᠡᠨ ᠲᠤᠭᠤᠯᠭ᠎ᠠ ᠪᠦᠭᠡᠳ ᠭᠡᠮ ᠭᠠᠷᠬᠤ ᠦᠭᠡᠢ ᠪᠠᠶᠢᠳᠠᠭ ᠶᠤᠮ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号